ᠤᠯᠠᠨ ᠨᠠᠰᠤᠲᠤ ᠡᠪᠡᠰᠦᠯᠢᠭ ᠭᠠᠩᠰᠠᠭ ᠲᠤᠮᠳᠠᠰᠠᠭ ᠤᠷᠭᠤᠮᠠᠯ᠃ ᠠᠭᠤᠯᠠᠷᠬᠠᠭ ᠭᠠᠵᠠᠷ᠂ ᠡᠯᠡᠰᠦᠷᠬᠡᠭ ᠭᠠᠵᠠᠷ ᠵᠢᠴᠢ ᠵᠠᠮᠤᠨ ᠬᠠᠵᠠᠭᠤᠪᠠᠷ ᠤᠷᠭᠤᠨᠠ᠃ ᠮᠠᠨᠤ ᠤᠷᠤᠨᠤ ᠬᠢᠩᠭ᠋ᠠᠨᠤ ᠬᠤᠢ᠌ᠲᠦ ᠭᠡᠰᠡᠭ᠂ ᠬᠢᠩᠭ᠋ᠠᠨᠤ ᠡᠮᠦᠨᠡᠲᠦ ᠭᠡᠰᠡᠭ᠂ ᠬᠤᠷᠴᠢᠨ ᠲᠤᠭᠤᠷᠢᠭ᠂ ᠳᠠᠪᠠᠭ᠋ᠠᠨᠤ ᠪᠠᠷᠠᠭᠤᠨ ᠲᠤᠭᠤᠷᠢᠭ᠂ ᠬᠦᠯᠦᠨ ᠪᠤᠢ᠌ᠷ— ᠰᠢᠯᠢ ᠵᠢᠨ ᠭᠤᠤᠯᠤᠨ ᠦᠨᠳᠦᠷᠯᠢᠭ᠂ ᠤᠯᠠᠭ᠋ᠠᠨᠬᠠᠳᠠ ᠵᠢᠨ ᠳᠤᠪᠤ ᠳᠤᠪᠤᠷᠴᠠᠭ᠂ ᠤᠯᠠᠭ᠋ᠠᠨᠴᠠᠪ ᠲᠤᠭᠤᠷᠢᠭ᠂ ᠤᠷᠳᠤᠰ ᠲᠤᠭᠤᠷᠢᠭ ᠵᠶ᠋ᠠᠷ ᠤᠷᠭᠤᠯᠲᠠᠲᠠᠢ᠃ ᠮᠠᠨᠤ ᠤᠯᠤᠰᠤᠨ ᠵᠡᠭᠦᠨ ᠬᠤᠢ᠌ᠲᠤ ᠤᠷᠤᠨ᠂ ᠤᠮᠠᠷᠠᠲᠤ ᠤᠷᠤᠨ᠂ ᠪᠠᠷᠠᠭᠤᠨ ᠬᠤᠢ᠌ᠲᠤ ᠤᠷᠤᠨ᠂ ᠳᠤᠷᠤᠨᠠᠲᠤ ᠤᠷᠤᠨ ᠵᠶ᠋ᠠᠷ ᠪᠠᠰᠠ ᠤᠷᠭᠤᠯᠲᠠᠲᠠᠢ᠃ ᠪᠦᠭᠦᠯᠢ ᠡᠪᠡᠰᠦᠨᠢ ᠡᠮᠳᠤ ᠤᠷᠤᠨᠠ᠂ ᠮᠤᠩᠭᠤᠯ ᠡᠮᠳᠤ ᠬᠡᠷᠡᠭᠯᠡᠪᠡᠯ ᠭᠤᠤᠯᠳᠠᠭᠤ ᠭᠠᠯᠠᠭᠤᠨᠢ ᠭᠦᠭᠡᠭᠡᠵᠦ ᠬᠤᠤᠷ ᠲᠠᠢ᠌ᠯᠬᠤ᠂ ᠬᠠᠪᠤᠳᠠᠷ ᠬᠠᠷᠢᠭᠤᠯᠬᠤ᠂ ᠰᠦᠰᠦ ᠵᠢ ᠰᠠᠢ᠌ᠵᠢᠷᠠᠭᠤᠯᠵᠤ ᠰᠢᠷᠠ ᠪᠠᠭᠤᠷᠠᠭᠤᠯᠬᠤ ᠵᠢᠨ ᠵᠡᠷᠬᠡᠪᠠᠷ ᠪᠠᠰᠠ ᠬᠠᠯᠠᠭᠤᠨ ᠲᠤᠮᠤᠭᠤ᠂ ᠰᠢᠷᠠᠯᠠᠬᠤ ᠡᠪᠡᠳᠴᠢᠨ᠂ ᠬᠠᠯᠠᠭ᠋ᠠᠭᠰᠠᠨ ᠰᠢᠷᠬᠠ ᠵᠡᠷᠭᠡ ᠵᠢ ᠵᠠᠰᠠᠨᠠ᠃ ᠴᠡᠴᠡᠭᠢᠨᠢ ᠦᠵᠡᠮᠦᠷᠢᠳᠤ ᠬᠡᠷᠡᠭᠯᠡᠵᠦ ᠪᠤᠯᠤᠨᠠ᠃

