ᠪᠤᠷᠴᠠᠭᠤᠨ ᠢᠵᠠᠭᠤᠷ᠂ ᠰᠢᠬᠢᠷ ᠡᠪᠡᠰᠦ ᠵᠢᠨ ᠲᠥᠷᠥᠯ᠃ ᠣᠯᠠᠨ ᠨᠠᠰᠤᠲᠤ ᠡᠪᠡᠰᠦᠯᠢᠭ ᠤᠷᠭᠤᠮᠠᠯ᠂ 6 — 7 ᠳ᠋ᠤᠭ᠋ᠠᠷ ᠰᠠᠷᠠᠳᠤ ᠴᠡᠴᠡᠭᠯᠡᠵᠦ᠂ 7 — 9 ᠳ᠋ᠦ᠍ᠭᠡᠷ ᠰᠠᠷᠠᠳᠤ ᠦᠷᠡᠯᠡᠨ᠎ᠡ᠃ ᠳᠤᠮᠳᠠ ᠵᠡᠷᠭᠡ ᠵᠢᠨ ᠭᠠᠩᠰᠠᠭ ᠤᠷᠭᠤᠮᠠᠯ ᠪᠣᠯᠣᠨ᠎ᠠ᠃ ᠡᠷᠲᠡᠨᠤ ᠭᠠᠵᠠᠷᠤᠨ ᠳᠤᠮᠳᠠᠳᠤ ᠲᠠᠩᠭᠢᠰᠤᠨ ᠲᠠᠷᠬᠠᠯᠲᠠ ᠵᠢᠨ ᠲᠦᠷᠰᠦ ᠮᠥᠨ᠃ ᠪᠦᠬᠦ ᠬᠤᠰᠢᠭᠤᠨᠤ ᠡᠯ᠎ᠡ ᠭᠠᠵᠠᠷ᠎ᠲᠤ ᠤᠷᠭᠤᠳᠠᠭ᠃ ᠪᠠᠶᠠᠨᠪᠤᠯᠠᠭ ᠣᠷᠴᠢᠮ ᠵᠶ᠋ᠠᠷ ᠢᠯᠡᠭᠦᠦ ᠨᠢᠭᠲᠠ ᠪᠠᠶ᠋ᠢᠳᠠᠭ᠃ ᠢᠳᠡᠭᠡᠨ ᠪᠣᠯᠪᠠᠰᠤᠷᠠᠭᠤᠯᠬᠤ ᠠᠵᠦ ᠦᠢ᠍ᠯᠡᠳᠪᠦᠷᠢ ᠳᠡᠭᠡᠷ᠎ᠡ ᠫᠢᠸᠤ᠋ ᠵᠢᠨ ᠬᠥᠭᠡᠰᠦᠷᠡᠭᠦᠯᠦᠭᠴᠢ ᠡᠳ᠋ ᠪᠤᠶᠤ ᠵᠢᠶᠠᠩᠶᠢᠦ᠂ ᠰᠢᠬᠢᠷᠯᠡᠭᠰᠡᠨ ᠵᠢᠮᠢᠰᠤᠨ ᠦᠨᠦᠷᠲᠦ ᠡᠳ᠋ ᠬᠢᠵᠦ ᠪᠣᠯᠬᠤ ᠪᠥᠭᠡᠳ ᠭᠠᠯ ᠤᠨᠲᠠᠷᠠᠭ᠋ᠠᠭᠤᠷᠤᠨ ᠬᠥᠭᠡᠰᠦᠷᠡᠭᠦᠯᠦᠭᠴᠢ ᠡᠳ᠋᠂ ᠶᠠᠨᠵᠤᠤᠷ ᠲᠠᠮᠠᠬᠢᠨᠤ ᠦᠨᠦᠷᠲᠦ ᠡᠳ᠋ ᠬᠢᠵᠦ ᠪᠣᠯᠣᠨ᠎ᠠ᠃ ᠮᠥᠨ ᠴᠤ᠌ ᠳᠤᠮᠳᠠ ᠵᠡᠷᠭᠡ ᠵᠢᠨ ᠲᠡᠵᠢᠭᠡᠯ ᠤᠷᠭᠤᠮᠠᠯ ᠮᠥᠨ᠃ ᠴᠣᠮᠤᠷᠯᠢᠭᠳᠤᠬᠤᠠᠴᠠ ᠡᠮᠦᠨ᠎ᠡ ᠲᠡᠮᠡᠭᠡ ᠢᠳᠡᠬᠦ ᠳᠤᠷᠠᠲᠠᠢ᠂ ᠬᠤᠨᠢ ᠢᠮᠠᠭ᠎ᠠ ᠴᠤ᠌ ᠢᠳᠡᠳᠡᠭ᠂ ᠪᠠᠭ᠎ᠠ ᠬᠠᠲᠠᠭᠰᠠᠨᠤ ᠳᠠᠷᠠᠭ᠎ᠠ ᠡᠯ᠎ᠡ ᠲᠥᠷᠥᠯᠤᠨ ᠭᠡᠷᠤᠨ ᠲᠡᠵᠢᠭᠡᠪᠦᠷᠢ ᠪᠦᠷ ᠢᠳᠡᠳᠡᠭ᠃ ᠬᠤᠨᠢ ᠢᠮᠠᠭ᠎ᠠ ᠪᠤᠷᠴᠠᠭ ᠵᠢᠮᠢᠰᠢᠨᠢ ᠨᠡᠩ ᠴᠤ᠌ ᠢᠳᠡᠬᠦ ᠳᠤᠷᠠᠲᠠᠢ᠃ ᠬᠠᠲᠤᠵᠦ ᠬᠠᠲᠠᠭ᠋ᠠᠭ᠋ᠠᠳ ᠲᠥᠯ ᠮᠠᠯ ᠲᠡᠵᠢᠭᠡᠬᠦᠳᠤ ᠬᠠᠮᠤᠭᠤᠨ ᠰᠠᠶ᠋ᠢᠨ ᠦᠷ᠎ᠡ ᠠᠰᠢᠭᠲᠠᠢ᠃ ᠦᠨᠳᠦᠰᠦᠨᠢ ᠡᠮᠳᠤ ᠣᠷᠣᠨ᠎ᠠ᠃ ᠰᠢᠬᠢᠷ ᠡᠪᠡᠰᠦ ᠪᠣᠯ ᠴᠢᠬᠤᠯᠠ ᠪᠠᠶ᠋ᠢᠩᠭᠤ ᠬᠡᠷᠡᠭᠯᠡᠳᠡᠭ ᠡᠮᠤᠨ ᠮᠠᠲ᠋ᠧᠷᠢᠶᠠᠯ ᠪᠣᠯᠬᠤ ᠪᠥᠭᠡᠳ ᠢᠳᠡᠭᠡᠨᠤ ᠠᠵᠦ ᠦᠢ᠍ᠯᠡᠳᠪᠦᠷᠢ ᠪᠣᠯᠣᠨ ᠬᠥᠩᠭᠡᠨ ᠠᠵᠦ ᠦᠢ᠍ᠯᠡᠳᠪᠦᠷᠢᠳᠤ ᠥᠷᠭᠡᠨ ᠵᠶ᠋ᠠᠷ ᠬᠡᠷᠡᠭᠯᠡᠳᠡᠭ᠃ ᠵᠢᠯ ᠪᠦᠷᠢ ᠶᠡᠭᠡ ᠬᠡᠮᠵᠢᠶ᠎ᠡᠪᠠᠷ ᠮᠠᠯᠲᠠᠵᠤ ᠪᠠᠶ᠋ᠢᠨ᠎ᠠ᠂ ᠲᠡᠶ᠋ᠢᠮᠦᠠᠴᠠ ᠲᠤᠭ᠎ᠠ ᠬᠡᠮᠵᠢᠶ᠎ᠡ ᠪᠠ ᠲᠠᠷᠬᠠᠯᠲᠠ ᠵᠢᠨ ᠬᠡᠪᠴᠢᠶᠡᠨᠢ ᠦᠳᠲᠡᠷ ᠲᠦᠷᠭᠡᠨ ᠬᠠᠰᠤᠭᠳᠠᠵᠤ᠂ ᠤᠰᠠᠳᠬᠤ ᠰᠢᠬᠠᠭᠰᠠᠨ ᠪᠠᠶ᠋ᠢᠨ᠎ᠠ᠃ ᠨᠢᠭᠡᠨᠲᠡ ᠥᠪᠡᠷᠲᠡᠭᠡᠨ ᠵᠠᠰᠠᠬᠤ ᠣᠷᠣᠨᠤ ᠳᠥᠷᠪᠡᠳᠦᠭᠡᠷ ᠲᠥᠷᠥᠯᠤᠨ ᠬᠠᠮᠠᠭ᠋ᠠᠯᠠᠯᠲᠠ ᠵᠢᠨ ᠤᠷᠭᠤᠮᠠᠯ ᠵᠶ᠋ᠠᠷ ᠲᠣᠭᠲᠠᠭ᠋ᠠᠭᠳᠠᠵᠠᠢ᠃
《ᠤᠲᠤᠭᠤᠨ ᠠᠮᠢᠳᠤ ᠪᠤᠳᠠᠰᠤᠨ ᠡᠬᠢ ᠪᠠᠶᠠᠯᠢᠭ》 ᠪᠠᠭ᠋ᠠᠲᠤᠷ ᠨᠠᠶ᠋ᠢᠷᠠᠭᠤᠯᠤᠨ ᠵᠤᠬᠢᠶᠠᠪᠠ