ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠡᠪᠡᠰᠦ ᠤᠷᠭᠤᠮᠠᠯ
ᠠᠯᠴᠢᠩᠭᠤ
ᠨᠡᠶ᠋ᠢᠲᠡᠯᠡᠭᠰᠡᠨ ᠴᠠᠭ᠄ 2024-07-16

      
  202404260909220.jpg



    ᠤᠰᠤᠨ᠎ᠳᠤ ᠤᠷᠭᠤᠬᠤ ᠣᠯᠠᠨ ᠨᠠᠰᠤᠲᠤ ᠡᠪᠡᠰᠦᠯᠢᠭ ᠤᠷᠭᠤᠮᠠᠯ᠂ ᠮᠠᠰᠢ ᠪᠦᠳᠦᠭᠦᠨ ᠬᠥᠨᠳᠡᠯᠡᠨ ᠤᠷᠭᠤᠬᠤ ᠦᠨᠳᠦᠰᠦᠯᠢᠭ ᠡᠰᠢ᠎ᠲᠠᠢ᠃ ᠨᠠᠪᠴᠢ᠎ᠨᠢ ᠰᠢᠯᠤᠭᠤᠨ᠂ ᠤᠰᠤᠨ᠎ᠠᠴᠠ ᠳᠡᠭᠡᠭᠰᠢ ᠴᠤᠬᠤᠢ᠍ᠨ᠎ᠠ᠂ ᠭᠤᠷᠪᠠᠨ ᠢᠷᠮᠡᠭ᠎ᠲᠠᠢ᠂ ᠪᠦᠰᠡ ᠬᠡᠯᠪᠡᠷᠢ᠎ᠲᠠᠢ᠂ 30 — 120cm ᠤᠷᠲᠤ᠂ 3 — 7cm ᠥᠷᠭᠡᠨ᠂ ᠱᠣᠪᠲᠣᠭᠣᠷ ᠦᠵᠦᠭᠦᠷ᠎ᠲᠠᠢ᠂ ᠤᠭ᠎ᠲᠤᠨᠢ ᠲᠣᠭᠳᠣᠢ᠎ᠲᠠᠢ᠃ ᠴᠡᠴᠡᠭ᠎ᠤᠨ ᠡᠰᠢ᠎ᠨᠢ 150cm ᠥᠨᠳᠥᠷ᠂ ᠭᠤᠯᠳᠤ ᠠᠷᠲᠠᠢ; ᠰᠢᠬᠦᠷ ᠬᠡᠯᠪᠡᠷᠢᠲᠦ ᠪᠠᠭ ᠴᠡᠴᠡᠭ᠎ᠨᠢ 4 — 10cm ᠤᠷᠲᠤ᠂ ᠣᠯᠠᠨ ᠴᠡᠴᠡᠭ ᠳᠡᠯᠭᠡᠷᠡᠨ᠎ᠡ᠂ ᠤᠭ᠎ᠲᠤᠨᠢ ᠥᠨᠳᠡᠭᠡᠯᠵᠢᠨ ᠬᠠᠪᠲᠠᠭ᠋ᠠᠢ ᠲᠡᠪᠡᠨᠡ ᠬᠡᠯᠪᠡᠷᠢᠲᠦ 10 — 20mm ᠤᠷᠲᠤ ᠪᠠᠭᠯᠠᠭᠴᠢ᠎ᠲᠠᠢ; ᠴᠡᠴᠡᠭ᠎ᠤᠨ ᠳ᠋ᠢᠶᠠᠮᠧᠲᠷ᠎ᠨᠢ 1.5 — 2cm᠂ ᠭᠦᠢ᠍ᠬᠡᠨ ᠤᠯᠠᠭ᠋ᠠᠨ ᠥᠩᠭᠡᠲᠡᠢ᠂ ᠬᠣᠶᠠᠷ ᠴᠠᠭ᠋ᠠᠷᠢᠭ ᠵᠶ᠋ᠠᠷ ᠪᠠᠢ᠍ᠷᠢᠯᠠᠬᠤ ᠵᠢᠷᠭᠤᠭ᠋ᠠᠨ ᠴᠡᠴᠡᠭ᠎ᠤᠨ ᠰᠢᠳᠠᠷ᠎ᠲᠠᠢ; ᠡᠷ᠎ᠡ ᠲᠣᠭᠣᠷᠴᠣᠭ᠎ᠨᠢ ᠶᠢᠰᠦ᠂ ᠤᠭ᠎ᠤᠨ ᠬᠡᠰᠡᠭ᠎ᠲᠡᠭᠡᠨ ᠨᠡᠯᠢᠶᠡᠳ ᠥᠷᠭᠡᠨ ᠳᠣᠬᠢᠭᠤᠷ᠎ᠲᠠᠢ᠂ ᠤᠯᠠᠭ᠋ᠠᠨ ᠲᠣᠭᠣᠰᠣᠪᠴᠢ᠎ᠲᠠᠢ; ᠤᠮᠠᠢ ᠵᠢᠨ ᠬᠠᠯᠢᠰᠤ᠎ᠨᠢ ᠵᠢᠷᠭᠤᠭ᠎ᠠ᠂ ᠰᠠᠯᠤᠩᠭᠢ᠂ ᠳᠣᠲᠣᠷ ᠬᠠᠨ᠎ᠠ᠎ᠳᠤᠨᠢ ᠣᠯᠠᠨ ᠦᠷ᠎ᠡ ᠨᠠᠬᠢᠶ᠎ᠠ ᠪᠣᠢ᠂ ᠨᠢᠯᠬ᠎ᠠ ᠦᠶ᠎ᠡ᠎ᠳᠡᠭᠡᠨ ᠶᠠᠭ᠋ᠠᠨ᠃ ᠴᠠᠨ᠎ᠠ ᠵᠢᠮᠢᠰ᠎ᠨᠢ ᠤᠷᠲᠤ ᠬᠣᠰᠢᠭᠤ᠎ᠲᠠᠢ᠃ ᠭᠣᠣᠯ᠂ ᠨᠠᠭᠤᠷ ᠴᠥᠭᠥᠷᠥᠮ᠎ᠤᠨ ᠬᠥᠪᠡᠭᠡ ᠵᠢᠨ ᠨᠠᠮᠤᠭ ᠭᠠᠵᠠᠷ ᠤᠷᠭᠤᠳᠠᠭ᠂ ᠵᠠᠷᠢᠮ᠎ᠳᠠᠭᠠᠨ ᠤᠷᠤᠰᠬᠠᠯᠲᠤ ᠭᠣᠣᠯ᠎ᠤᠨ ᠭᠦᠢ᠍ᠬᠡᠨ ᠤᠰᠤ᠎ᠲᠠᠢ ᠭᠠᠵᠠᠷ ᠵᠶ᠋ᠠᠷ ᠪᠠᠰᠠ ᠤᠷᠭᠤᠨ᠎ᠠ᠃
    ᠮᠠᠨ᠎ᠤ ᠤᠯᠤᠰ᠎ᠤᠨ ᠯᠢᠶᠣᠤᠨᠢᠩ᠂ ᠥᠪᠥᠷ ᠮᠣᠩᠭᠣᠯ᠂ ᠾᠧᠪᠧᠢ᠂ ᠱᠠᠨ ᠰᠢ᠂ ᠱᠠᠨᠳᠦ᠋ᠩ᠂ ᠾᠧᠨᠠᠨ᠂ ᠵᠢᠶᠠᠩᠰᠦ᠂ ᠠᠨᠾᠥ᠋ᠢ ᠬᠢᠭᠡᠳ ᠪᠠᠷᠠᠭᠤᠨ ᠬᠣᠢ᠍ᠲᠤ ᠣᠷᠣᠨ᠎ᠤ ᠡᠯ᠎ᠡ ᠮᠣᠵᠢ ᠣᠷᠣᠨ᠎ᠳᠤ ᠪᠦᠷ ᠤᠷᠭᠤᠳᠠᠭ᠃
    ᠦᠨᠳᠦᠰᠦᠯᠢᠭ ᠡᠰᠢ᠎ᠨᠢ ᠴᠠᠷᠳᠠᠭᠤᠯ᠎ᠲᠠᠢ ᠪᠣᠯᠬᠣᠷ ᠢᠳᠡᠬᠦ ᠪᠤᠶᠤ ᠠᠷᠢᠬᠢ ᠨᠡᠷᠡᠵᠦ ᠪᠣᠯᠤᠨ᠎ᠠ᠃ ᠡᠰᠢ᠂ ᠨᠠᠪᠴᠢ᠎ᠨᠢ ᠰᠢᠷᠬᠡᠭ᠎ᠲᠠᠢ ᠪᠣᠯᠬᠣᠷ ᠴᠠᠭ᠋ᠠᠰᠤ ᠬᠢᠬᠦ ᠪᠤᠶᠤ ᠨᠡᠬᠡᠵᠦ ᠬᠦᠷᠦᠬᠦ᠎ᠳᠤ ᠬᠡᠷᠡᠭᠯᠡᠵᠦ ᠪᠣᠯᠤᠨ᠎ᠠ᠃
    ᠬᠢᠲᠠᠳ ᠨᠡᠷ᠎ᠡ᠄ 花蔺
     ᠠᠩᠭ᠍ᠯᠢ ᠨᠡᠷ᠎ᠡ᠄ Butomus umbellatus L.
    ᠦᠰᠦᠭ ᠠᠮᠢᠯᠠᠭᠤᠯᠤᠭᠴᠢ᠄ ᠳ᠋᠊᠂ ᠡᠷᠬᠢᠮᠪᠠᠭ᠋ᠠᠲᠤᠷ
    ᠬᠢᠨᠠᠭᠴᠢ᠄ ᠫᠣ · ᠴᠠᠭ᠋ᠠᠨ

ᠢᠷᠡᠯᠲᠡ᠄ ᠬᠡᠢ᠌ᠮᠦᠷᠢ ᠰᠦᠯᠵᠢᠶ᠎ᠡ
          
ᠬᠠᠮᠢᠶ᠎ᠡ ᠪᠦᠬᠦᠢ ᠰᠣᠨᠢᠨ
ᠤᠬᠠᠨ᠎ᠠ ᠰᠢᠪᠲᠤᠷ (ᠰᠢᠷᠠᠴᠤ)
ᠮᠥᠩᠭᠦᠨ ᠳ᠋ᠢᠭ᠌ᠲᠠ (ᠨᠠᠮᠤᠷ᠎ᠤᠨ ᠴᠠᠭ᠋ᠠᠨ ᠴᠡᠴᠡᠭ)
ᠮᠦᠩᠬᠡ ᠬᠠᠷᠭ᠋ᠠᠨ᠎ᠠ
ᠤᠯᠠᠭ᠋ᠠᠨ ᠪᠤᠢ᠌ᠯᠠᠰᠤ
ᠬᠡᠭᠡᠷ᠎ᠡ ᠵᠢᠨ ᠭᠦᠢ᠍ᠯᠡᠰᠦ
 
             蒙ICP备05000248号