ᠣᠯᠠᠨ ᠨᠠᠰᠤᠲᠤ ᠡᠪᠡᠰᠦᠯᠢᠭ ᠳᠤᠮᠳᠠᠰᠠᠭ ᠤᠷᠭᠤᠮᠠᠯ᠃ ᠤᠢ ᠵᠢᠨ ᠬᠦᠪᠡᠭᠡᠨ᠎ᠳᠠᠬᠢ ᠨᠤᠭᠤ ᠵᠢᠨ ᠵᠣᠩᠬᠢᠯᠠᠬᠤ ᠳᠦᠷᠰᠦ ᠪᠠ ᠴᠣᠭᠴᠠᠯᠠᠭᠴᠢ ᠳᠦᠷᠰᠦ ᠪᠤᠯᠳᠠᠭ᠂ ᠤᠷᠭᠤᠴᠠ ᠵᠢᠨ ᠦᠷᠭᠡᠴᠡ᠎ᠪᠠᠷ ᠲᠤᠩ ᠦᠷᠭᠡᠨ ᠪᠠᠢ᠌ᠵᠤ᠃ ᠤᠢ ᠮᠣᠳᠤᠨ᠎ᠤ ᠲᠣᠭᠣᠣᠷ᠂ ᠭᠤᠤᠯ᠎ᠤᠨ ᠲᠠᠩ᠎ᠤᠨ ᠨᠣᠭᠤ ᠵᠢᠴᠢ ᠲᠠᠯ᠎ᠠ ᠨᠤᠲᠤᠭ ᠵᠶ᠋ᠠᠷ ᠤᠷᠭᠤᠨ᠎ᠠ᠃ ᠪᠦᠬᠦ ᠤᠷᠤᠨ ᠵᠶ᠋ᠠᠷ ᠤᠷᠭᠤᠯᠲᠠ᠎ᠲᠠᠢ᠃ ᠡᠸᠦ᠋ᠷᠣᠫᠠ ᠠᠽᠢᠶ᠎ᠠ ᠵᠢᠨ ᠡᠬᠡ ᠬᠠᠭᠤᠷᠠᠢ ᠵᠢᠴᠢ ᠤᠮᠠᠷᠠᠲᠤ ᠠᠮᠧᠷᠢᠺᠠ᠎ᠳᠤ ᠨᠡᠢ᠌ᠳᠡᠮ ᠲᠠᠷᠬᠠᠵᠤ ᠪᠠᠢ᠌ᠳᠠᠭ᠃ ᠦᠨᠳᠦᠰᠦ᠎ᠨᠢ ᠡᠮ᠎ᠳᠤ ᠤᠷᠤᠵᠤ᠂ ᠭᠤᠤᠯᠳᠠᠭᠤ ᠡᠯ᠎ᠡ ᠵᠦᠢ᠍ᠯ᠎ᠤᠨ ᠴᠢᠰᠦ ᠭᠠᠷᠮᠠᠳᠠᠭ᠋ᠠᠢ ᠡᠪᠡᠳᠴᠢᠨ᠂ ᠶᠠᠷ᠎ᠠ᠂ ᠬᠤᠤᠷᠠᠲᠤ ᠬᠠᠲᠠᠬᠢ ᠵᠢᠴᠢ ᠬᠠᠯᠠᠭ᠋ᠠᠵᠤ ᠰᠢᠲᠠᠭ᠋ᠠᠭᠰᠠᠨ ᠰᠢᠷᠬ᠎ᠠ ᠵᠡᠷᠭᠡ ᠵᠢ ᠵᠠᠰᠠᠨ᠎ᠠ᠃ ᠪᠦᠬᠦ ᠤᠷᠭᠤᠮᠠᠯᠠᠴᠠᠨᠢ ᠡᠯᠳᠡᠬᠦᠷᠢ ᠵᠢᠨ ᠴᠠᠪᠠᠤ ᠭᠠᠷᠭ᠋ᠠᠨ ᠠᠪᠴᠤ ᠪᠤᠯᠤᠨ᠎ᠠ᠃ ᠦᠨᠳᠦᠰᠦ᠎ᠪᠠᠷ᠎ᠨᠢ ᠠᠷᠢᠬᠢ ᠨᠡᠷᠡᠵᠦ ᠪᠤᠯᠤᠨ᠎ᠠ᠃ ᠦᠷ᠎ᠡ ᠵᠢᠨ ᠲᠣᠰᠤᠪᠠᠷᠨᠢ ᠰᠠᠪᠤᠩ ᠬᠢᠬᠦ ᠪᠤᠶᠤ ᠠᠵᠤ ᠦᠢ᠍ᠯᠡᠳᠪᠦᠷᠢ ᠲᠡᠭᠡᠷ᠎ᠡ ᠬᠡᠷᠡᠭᠯᠡᠵᠦ ᠪᠤᠯᠤᠨ᠎ᠠ᠃ ᠡᠬᠦᠨ᠎ᠠᠴᠠ ᠭᠠᠳᠠᠨ᠎ᠠ ᠪᠦᠬᠦᠯᠢ ᠡᠪᠡᠰᠦ᠎ᠪᠠᠷ᠎ᠨᠢ ᠲᠠᠷᠢᠶᠠᠯᠠᠩ᠎ᠤᠨ ᠡᠮ ᠬᠢᠵᠦ᠂ ᠪᠠᠭ᠋ᠠᠷᠠᠩ ᠬᠣᠷᠤᠬᠠᠢ᠂ ᠤᠯᠠᠭ᠋ᠠᠨ ᠠᠭ᠋ᠠᠯᠵᠢ ᠪᠤᠯᠤᠨ ᠨᠠᠷᠢᠮᠤ ᠵᠢᠨ ᠡᠰᠢᠨ᠎ᠤ ᠵᠢᠪᠡᠷᠡᠬᠦ ᠡᠪᠡᠳᠴᠢᠨ᠎ᠢ ᠰᠡᠷᠭᠡᠢ᠌ᠯᠡᠵᠦ ᠪᠤᠯᠳᠠᠭ᠃
