ᠭᠠᠩᠰᠠᠭ ᠪᠤᠳᠠ ᠮᠣᠳᠣ᠃ ᠲᠠᠯᠠ ᠨᠤᠲᠤᠭᠤᠨ ᠪᠦᠰᠡ ᠵᠢᠴᠢ ᠡᠯᠠᠰᠦᠷᠬᠡᠭ ᠭᠠᠵᠠᠷ ᠵᠶ᠋ᠠᠷ ᠴᠣᠭᠴᠠᠯᠠᠭᠴᠢ ᠲᠦᠷᠰᠦ ᠵᠢᠨ ᠤᠷᠭᠤᠮᠠᠯ ᠪᠣᠯᠵᠤ᠂ ᠡᠯᠡᠰᠦᠷᠬᠡᠭ ᠭᠠᠵᠠᠷᠤᠨ ᠪᠤᠲᠠ ᠰᠦᠭᠡᠭᠢ ᠪᠦᠷᠢᠯᠳᠦᠭᠦᠯᠳᠡᠭ᠃ ᠮᠠᠨᠤ ᠤᠷᠤᠨᠤ ᠤᠯᠠᠭ᠋ᠠᠨᠴᠠᠪ ᠲᠣᠭᠤᠷᠢᠭᠤᠨ ᠪᠠᠷᠠᠭᠤᠨ ᠬᠣᠶ᠋ᠢᠲᠤ ᠬᠡᠰᠡᠭ᠂ ᠮᠤᠨᠢ ᠠᠭᠤᠯᠠ ᠵᠢᠨ ᠦᠪᠦᠷᠲᠠᠬᠢ ᠳᠤᠪᠤ ᠳᠤᠪᠤᠷᠴᠠᠭ᠂ ᠣᠷᠳᠣᠰ ᠲᠣᠭᠤᠷᠢᠭ᠂ ᠵᠡᠭᠦᠨ ᠠᠯᠠᠱ᠌ᠠ ᠲᠣᠭᠤᠷᠢᠭ ᠵᠶ᠋ᠠᠷ ᠤᠷᠭᠤᠯᠲᠠᠲᠠᠢ᠃ ᠮᠠᠨᠤ ᠤᠯᠤᠰᠤᠨ ᠨᠢᠩᠰᠢᠶᠠ᠂ ᠭᠠᠨᠰᠦ ᠵᠡᠷᠭᠡ ᠭᠠᠵᠠᠷ ᠤᠷᠤᠨ ᠵᠶ᠋ᠠᠷ ᠲᠠᠷᠬᠠᠨᠠ᠃ ᠲᠡᠵᠢᠭᠡᠯ ᠦ᠋᠊ᠨ ᠥᠷᠲᠡᠭᠨᠢ ᠦᠭᠡᠷ ᠬᠠᠷᠭ᠋ᠠᠨᠠ ᠵᠢᠨᠬᠢᠲᠠᠢ ᠠᠳᠠᠯᠢ ᠪᠠᠢ᠌ᠳᠠᠭ᠃ ᠪᠦᠬᠦᠯᠢ ᠡᠪᠡᠰᠦ᠂ ᠦᠨᠳᠦᠰᠦ᠂ ᠴᠡᠴᠡᠭ᠂ ᠦᠷᠡᠨᠢ ᠪᠦᠷ ᠡᠮᠳᠤ ᠣᠷᠣᠵᠤ᠂ ᠭᠣᠣᠯᠳᠠᠭᠤ ᠴᠢᠰᠤᠨ ᠳᠠᠷᠤᠯᠲᠠ ᠥᠨᠳᠥᠷ ᠡᠪᠡᠳᠴᠢᠨᠢ ᠵᠠᠰᠠᠵᠤ᠂ ᠦᠨᠳᠦᠰᠦᠨᠢ ᠤᠳᠠᠭ᠋ᠠᠨ ᠴᠢᠨᠠᠷᠲᠠᠶ ᠮᠦᠬᠡᠷᠰᠦᠨ ᠬᠤᠭᠤᠯᠠᠢ ᠵᠢᠨ ᠦᠷᠪᠢᠰᠦᠯᠢ ᠵᠠᠰᠠᠵᠤ᠂ ᠪᠦᠬᠦᠯᠢ ᠡᠪᠡᠰᠦᠨᠢ ᠬᠠᠷᠢᠨ ᠰᠠᠷᠠ ᠵᠢᠨ ᠭ᠋ᠬᠢᠷ ᠲᠡᠭᠰᠢ ᠦᠭᠡᠢ ᠬᠡᠮᠢ ᠵᠠᠰᠠᠵᠤ᠂ ᠦᠷᠡᠨᠢ ᠭᠤᠤᠯᠳᠠᠭᠤ ᠮᠡᠳᠡᠷᠡᠯ ᠦ᠋᠊ᠨ ᠴᠢᠨᠠᠷᠲᠠᠶ ᠠᠷᠠᠰᠤᠨ ᠦᠷᠪᠢᠰᠦᠯ᠂ ᠢᠯᠢᠳᠦ᠂ ᠰᠢᠷᠠ ᠰᠢᠭᠦᠰᠦᠲᠦ ᠶᠠᠷᠠ ᠵᠡᠷᠭᠡ ᠵᠢ ᠵᠠᠰᠠᠨᠠ᠃
