
ᠴᠦᠭᠦᠷᠰᠦ ᠵᠢᠨ ᠢᠵᠠᠭᠤᠷ
ᠨᠠᠪᠴᠢ ᠵᠤᠯᠭ᠋ᠠᠷᠠᠬᠤ ᠲᠤᠷᠤᠭ ᠮᠣᠳᠣ᠂ 8 — 20m ᠥᠨᠳᠥᠷ᠃ ᠬᠠᠵᠠᠭᠤ ᠵᠢᠨ ᠣᠬᠣᠷ ᠮᠥᠴᠢᠷ᠎ᠨᠢ ᠨᠠᠪᠴᠢ᠎ᠲᠠᠢ᠎ᠪᠠᠨ ᠬᠠᠮᠲᠤ ᠵᠤᠯᠭ᠋ᠠᠷᠠᠨᠠ᠃ ᠡᠪᠦᠯ᠎ᠤᠨ ᠨᠠᠬᠢᠶ᠎ᠠ᠎ᠠᠴᠠ ᠤᠷᠭᠤᠭᠰᠠᠨ ᠵᠢᠵᠢᠭ ᠮᠥᠴᠢᠷ᠎ᠨᠢ 4mm ᠣᠷᠴᠢᠮ ᠤᠷᠲᠤ ᠬᠠᠢ᠌ᠷᠰᠤᠨ ᠢᠯᠲᠠᠰᠤ ᠰᠢᠭ᠋ ᠨᠠᠪᠴᠢ᠎ᠲᠠᠢ ᠪᠠ ᠡᠨᠡ ᠬᠦ᠌ ᠨᠠᠪᠴᠢ᠎ᠨᠢ ᠡᠪᠦᠯ ᠵᠤᠯᠭ᠋ᠠᠷᠠᠬᠤ ᠦᠭᠡᠢ᠃ ᠬᠠᠵᠠᠭᠤ ᠵᠢᠨ ᠮᠥᠴᠢᠷ᠎ᠲᠠᠬᠢ ᠨᠠᠪᠴᠢ᠎ᠨᠢ 6 — 10mm ᠤᠷᠲᠤ᠂ ᠪᠦᠰᠡ ᠰᠢᠭ ᠦᠷᠦᠮ ᠬᠡᠯᠪᠡᠷᠢ᠎ᠲᠠᠢ᠂ ᠥᠳᠥᠯᠢᠭ ᠵᠡᠷᠭᠡᠴᠡᠨ᠎ᠡ᠃ ᠡᠪᠦᠯ᠎ᠳᠡᠭᠡᠨ ᠵᠤᠯᠭ᠋ᠠᠷᠠᠨᠠ᠃ ᠴᠡᠴᠡᠭ᠎ᠨᠢ ᠭᠠᠭᠴᠠ ᠪᠡᠯᠭᠡ᠎ᠲᠠᠢ᠂ ᠨᠢᠭᠡ ᠭᠡᠷ᠎ᠲᠠᠢ᠃ ᠡᠷ᠎ᠡ ᠪᠠᠭ ᠴᠡᠴᠡᠭ᠎ᠨᠢ ᠮᠥᠴᠢᠷ᠎ᠤᠨ ᠣᠷᠣᠢ᠎ᠳᠤ ᠭᠠᠭᠴᠠᠭ᠋ᠠᠷ ᠰᠢᠯᠤᠭᠤᠨ ᠤᠷᠭᠤᠳᠠᠭ᠂ ᠬᠠᠢ᠌ᠷᠰᠤᠨ ᠢᠯᠲᠠᠰᠤ᠎ᠨᠢ ᠱᠣᠷᠬᠠᠯᠠᠭᠰᠠᠨ ᠰᠢᠭ᠋ ᠸᠠᠭ᠋ᠠᠷᠯᠠᠵᠤ ᠪᠠᠢ᠌ᠷᠢᠯᠡᠨᠠ᠃ ᠡᠮ᠎ᠡ ᠪᠠᠭ ᠴᠡᠴᠡᠭ᠎ᠨᠢ ᠬᠠᠵᠠᠭᠤ ᠵᠢᠨ ᠰᠠᠯᠠᠭ᠎ᠠ ᠵᠢᠨ ᠣᠷᠣᠢ᠎ᠳᠤ ᠭᠠᠭᠴᠠᠭ᠋ᠠᠷ ᠤᠷᠭᠤᠨ᠎ᠠ᠂ ᠥᠨᠳᠡᠭᠡᠯᠵᠢᠨ ᠵᠤᠤᠪᠠᠩ᠂ ᠪᠠᠭᠯᠠᠭᠴᠢ ᠬᠠᠢ᠌ᠷᠰᠤᠨ ᠢᠯᠲᠠᠰᠤ᠎ᠨᠢ 20 — 22᠂ ᠸᠠᠭ᠋ᠠᠷᠯᠠᠵᠤ ᠪᠠᠢ᠌ᠷᠢᠯᠠᠭᠰᠠᠨ ᠶᠤᠮ᠃ ᠦᠷ᠎ᠡ ᠵᠢᠨ ᠬᠠᠢ᠌ᠷᠰᠤ᠎ᠨᠢ ᠵᠢᠵᠢᠭ᠂ ᠲᠤᠰ ᠪᠦᠷᠢ ᠬᠣᠶᠠᠷ ᠦᠷ᠎ᠡ ᠨᠠᠬᠢᠶ᠎ᠠ᠎ᠲᠠᠢ᠂ ᠦᠷ᠎ᠡ ᠲᠣᠭᠲᠠᠭᠰᠠᠨ᠎ᠤ ᠰᠡᠭᠦᠯᠡᠷ ᠲᠣᠮᠣᠷᠠᠵᠤ ᠵᠤᠵᠠᠭ᠋ᠠᠷᠠᠨᠠ᠃ ᠪᠣᠷᠭᠣᠴᠣᠭ᠎ᠨᠢ ᠲᠣᠩᠭᠣᠷᠠᠭᠤ ᠥᠨᠳᠡᠭᠡᠯᠵᠢᠨ᠂ 2cm ᠣᠷᠴᠢᠮ ᠤᠷᠲᠤ᠂ ᠲᠡᠭᠦᠨ᠎ᠤ ᠦᠷ᠎ᠡ ᠵᠢᠨ ᠬᠠᠢ᠌ᠷᠰᠤ᠎ᠨᠢ ᠰᠡᠢ᠌ᠷᠡᠭᠬᠡᠨ ᠵᠶ᠋ᠠᠷ ᠸᠠᠭ᠋ᠠᠷᠯᠠᠵᠤ ᠲᠣᠭᠲᠠᠭᠰᠠᠨ ᠪᠠᠢ᠌ᠳᠠᠭ᠂ ᠭᠡᠪᠡᠴᠦ ᠭᠠᠳᠠᠷ᠂ ᠳᠣᠲᠣᠷ ᠬᠢᠭᠡᠳ ᠳᠣᠣᠷ᠎ᠠ ᠬᠡᠰᠡᠭ᠎ᠤᠨ ᠬᠠᠢ᠌ᠷᠰᠤᠨᠤᠭᠤᠳᠨᠢ ᠬᠠᠷᠢᠯᠴᠠᠨ ᠠᠳᠠᠯᠢ ᠦᠭᠡᠢ ᠬᠡᠯᠪᠡᠷᠢ᠎ᠲᠠᠢ᠂ ᠭᠠᠳᠠᠷ ᠲᠠᠯ᠎ᠠ ᠵᠢᠨ ᠬᠠᠢ᠌ᠷᠰᠤᠨ ᠢᠯᠲᠠᠰᠤ ᠵᠢᠨ ᠠᠷᠤ ᠵᠢᠨ ᠳᠡᠭᠡᠳᠦ ᠬᠡᠰᠡᠭ᠎ᠲᠤᠨᠢ 6 — 9 ᠭᠣᠬ᠎ᠠ ᠮᠡᠲᠦ ᠱᠣᠪᠣᠭᠣᠷ᠎ᠲᠠᠢ᠃ ᠦᠷ᠎ᠡ ᠵᠢᠨ ᠤᠭ᠎ᠲᠤᠨᠢ ᠤᠷᠲᠤᠯᠵᠢᠨ ᠳᠤᠭᠤᠷᠠᠭ ᠰᠢᠭ᠋ ᠬᠠᠪᠲᠠᠭ᠋ᠠᠢ ᠲᠡᠪᠡᠨᠡ ᠬᠡᠯᠪᠡᠷᠢᠲᠦ ᠳᠠᠯᠠᠪᠴᠢ᠎ᠲᠠᠢ᠃
ᠪᠣᠷᠣᠭ᠋ᠠᠨ ᠭᠦᠢ᠍ᠴᠡᠳ ᠪᠥᠭᠡᠳ ᠳᠤᠯᠠᠭ᠋ᠠᠨ ᠠᠭᠤᠷ ᠠᠮᠢᠰᠬᠤᠯᠲᠤ ᠭᠠᠵᠠᠷ᠎ᠤᠨ ᠬᠦᠴᠢᠯᠯᠢᠭ ᠬᠥᠷᠥᠰᠥ ᠤᠰᠤᠨ᠎ᠤ ᠬᠥᠪᠡᠭᠡ᠂ ᠲᠤᠲᠤᠷᠭ᠎ᠠ ᠵᠢᠨ ᠲᠠᠷᠢᠶᠠᠨ᠎ᠤ ᠵᠠᠬ᠎ᠠ᠎ᠪᠠᠷ ᠰᠠᠢ᠌ᠨ ᠤᠷᠭᠤᠨ᠎ᠠ᠂ ᠠᠭᠤᠯᠠᠨ᠎ᠳᠤ ᠪᠠᠰᠠ ᠤᠷᠭᠤᠳᠠᠭ᠃
ᠮᠠᠨ᠎ᠤ ᠤᠯᠤᠰ᠎ᠤᠨ ᠣᠨᠴᠠ ᠭᠠᠷᠤᠯᠲᠠ ᠮᠥᠨ᠃ ᠹᠦᠵᠢᠶᠠᠨ᠂ ᠵᠢᠶᠠᠩᠰᠢ᠂ ᠭᠤᠸᠠᠩᠳᠥ᠋ᠩ᠂ ᠭᠤᠸᠠᠩᠰᠢ᠂ ᠶᠦᠨᠨᠠᠨ᠂ ᠰᠧᠴᠤᠸᠠᠨ᠎ᠳᠤ ᠤᠷᠭᠤᠳᠠᠭ᠃ ᠮᠣᠳᠣ ᠵᠢ᠎ᠨᠢ ᠪᠠᠷᠢᠯᠭ᠎ᠠ᠂ ᠪᠠᠭ᠋ᠠᠵᠢ ᠬᠡᠷᠡᠭᠰᠡᠯ᠎ᠳᠤ ᠬᠡᠷᠡᠭᠯᠡᠨ᠎ᠡ᠃ ᠪᠣᠷᠭᠣᠴᠣᠭ᠂ ᠬᠣᠯᠲᠣᠰᠣᠨ᠎ᠳᠤᠨᠢ ᠲᠠᠨᠨᠢᠨ ᠪᠣᠢ᠃ ᠮᠠᠰᠢ ᠰᠠᠢ᠌ᠬᠠᠨ ᠦᠵᠡᠮᠵᠢ ᠵᠢᠨ ᠮᠣᠳᠣ᠃ ᠨᠠᠪᠴᠢ ᠮᠥᠴᠢᠷ ᠬᠢᠭᠡᠳ ᠪᠣᠷᠭᠣᠴᠣᠭ᠎ᠨᠢ ᠡᠮ᠎ᠳᠤ ᠣᠷᠣᠨ᠎ᠠ᠃
ᠬᠢᠲᠠᠳ ᠨᠡᠷ᠎ᠡ᠄ 水松
ᠠᠩᠭ᠍ᠯᠢ ᠨᠡᠷ᠎ᠡ᠄ Glyptostrobus pensilis (Staunt.ex D.Don) K. Koch