ᠬᠤᠩᠭᠤᠯᠵᠢ ᠶᠢᠨ ᠰᠠᠶᠢᠬᠠᠨ ᠦᠵᠡᠮᠵᠢ ᠬᠥᠮᠦᠨ ᠤ ᠶᠢᠷᠲᠢᠨᠴᠦ ᠶᠢᠨ ᠠᠷᠰᠢ ᠶᠢᠨ ᠣᠷᠣᠨ ᠦᠭᠡᠷ᠎ᠡ ᠤᠤ ᠳ᠋ᠠ | | | ᠥᠪᠥᠷ ᠮᠣᠩᠭᠤᠯ ᠤᠨ ᠬᠤᠩᠭᠤᠯᠵᠢ ᠵᠢᠭᠠᠷᠲᠤ ᠨᠠᠷᠠᠰᠤᠨ ᠤᠯᠤᠰ ᠤᠨ ᠣᠶ ᠰᠢᠭᠤᠶ ᠶᠢᠨ ᠴᠡᠴᠡᠷᠯᠢᠭ ᠨᠢ | ᠶᠡᠭᠡ ᠬᠢᠩᠭᠠᠨ ᠳᠠᠪᠠᠭ᠎ᠠ ᠶᠢᠨ ᠪᠠᠷᠠᠭᠤᠨ ᠬᠤᠷᠮᠤᠢ ᠳᠤ ᠪᠠᠶᠢᠷᠢᠯᠠᠵᠦ᠂ ᠲᠡᠷᠡ ᠨᠢ ᠦᠵᠡᠰᠬᠦᠯᠡᠩᠲᠦ ᠰᠠᠶᠢᠬᠠᠨ ᠬᠥᠯᠥᠨ | ᠪᠤᠶᠢᠷ ᠤᠨ ᠲᠠᠯ᠎ᠠ ᠨᠤᠲᠤᠭ ᠤᠨ ᠡᠮᠦᠨᠡᠲᠦ ᠬᠡᠰᠡᠭ ᠤᠨ ᠨᠢᠭᠡᠨ ᠪᠠᠶᠢᠭᠠᠯᠢᠯᠢᠭ ᠨᠣᠭᠤᠭᠠᠨ ᠬᠠᠯᠬᠠᠪᠴᠢ ᠪᠣᠯᠤᠨ᠎ᠠ᠃ | ᠴᠡᠴᠡᠷᠯᠢᠭ ᠨᠢ ᠦᠷᠬᠦᠯᠵᠢᠯᠡᠭᠰᠡᠨ ᠨᠡᠯᠦᠭᠡᠷ ᠶᠡᠭᠡ ᠵᠢᠭᠠᠷᠲᠤ ᠨᠠᠷᠠᠰᠦᠨ ᠤᠢ ᠪᠠ ᠬᠡᠭᠡᠷ᠎ᠠ ᠶᠢᠨ ᠴᠢᠬᠢᠭᠯᠢᠭ ᠭᠠᠵᠠᠷ ᠢᠶᠠᠷ | ᠦᠵᠡᠮᠵᠢ ᠶᠢᠨ ᠡᠬᠢ ᠪᠠᠶᠠᠯᠢᠭ ᠤᠨ ᠭᠤᠣᠯ ᠴᠣᠭᠴᠠ ᠪᠤᠯᠭᠠᠨ᠂ 4383 ᠾᠧᠺᠲ᠋ᠠᠷ ᠪᠠᠶᠢᠭᠠᠯᠢ ᠶᠢᠨ ᠤᠢ ᠲᠠᠢ | ᠪᠠᠶᠢᠵᠤ᠂ ᠤᠷᠤᠨ ᠲᠤᠭᠤᠷᠢᠭ ᠤᠨ ᠶᠡᠷᠦᠩᠬᠡᠶ ᠲᠠᠯᠠᠪᠠᠶ ᠶᠢᠨ 65 % ᠶᠢ ᠡᠵᠡᠯᠡᠵᠦ᠂ ᠡᠭᠦᠨ ᠳᠤ 4237 ᠾᠧᠺᠲ᠋ᠠᠷ | ᠵᠢᠭᠠᠷᠲᠤ ᠨᠠᠷᠠᠰᠤ ᠲᠠᠢ᠂ ᠤᠷᠤᠨ ᠲᠣᠭᠤᠷᠢᠭ ᠤᠨ ᠶᠡᠷᠦᠩᠬᠡᠶ ᠲᠠᠯᠠᠪᠠᠶ ᠶᠢᠨ 63 % ᠶᠢ ᠡᠵᠡᠯᠡᠵᠦ ᠪᠠᠶᠢᠨ᠎ᠠ᠃ | ᠴᠡᠴᠡᠷᠯᠢᠭ ᠤᠨ ᠳᠣᠲᠣᠷ᠎ᠠ ᠪᠠᠶᠢᠭᠠᠯᠢ ᠶᠢᠨ ᠡᠬᠢ ᠪᠠᠶᠠᠯᠢᠭ ᠡᠯᠪᠡᠭ ᠳᠡᠯᠪᠡᠭ᠂ ᠬᠦᠭᠰᠢᠨ ᠮᠤᠳᠤ ᠰᠡᠬᠦᠶᠢᠨ ᠰᠦᠨᠳᠡᠷᠯᠡᠵᠦ᠂ | ᠤᠷᠭᠤᠮᠠᠯ ᠤᠨ ᠬᠤᠴᠢᠯᠭ᠎ᠠ ᠢᠭᠴᠤ ᠰᠠᠬᠤᠯᠢᠭ ᠪᠠᠶᠢᠵᠤ᠂ ᠬᠠᠮᠤᠭ ᠶᠡᠭᠡ ᠮᠤᠳᠤ ᠨᠢ 300 — 400 ᠵᠢᠯ ᠤᠨ | ᠦᠨᠳᠦᠷ ᠨᠠᠰᠤᠲᠤ ᠮᠤᠳᠤ ᠪᠤᠯᠤᠨ᠎ᠠ᠃ ᠠᠳᠡ ᠤᠰᠤᠨ ᠤ ᠡᠷᠬᠡᠨ ᠳᠤ ᠠᠭᠤᠯᠠ ᠦᠵᠡᠮᠵᠢᠳᠠᠢ᠂ ᠠᠭᠤᠯᠠᠨ ᠤ ᠡᠷᠬᠡᠨ | ᠳᠤ ᠤᠰᠤ ᠲᠦᠯᠬᠡᠬᠡᠨ ᠪᠠᠶᠢᠳᠠᠭ᠃ ᠮᠤᠷᠤᠯᠵᠠᠨ ᠤᠷᠤᠰᠤᠭᠰᠠᠨ ᠢᠮᠢᠨ ᠭᠤᠣᠯ ᠬᠦᠭᠵᠢᠯ ᠪᠠᠶᠠᠷᠲᠤ ᠠᠶᠠᠰ | ᠠᠶᠠᠯᠠᠭᠤᠯᠤᠭᠰᠠᠭᠠᠷ ᠴᠡᠴᠡᠷᠯᠢᠭ ᠤᠨ ᠬᠤᠶᠢᠲᠤ ᠬᠦᠪᠡᠭᠡ ᠪᠠᠷ ᠤᠷᠤᠰᠤᠨ ᠦᠩᠭᠡᠷᠡᠨᠠ᠃ ᠢᠮᠢᠨ ᠭᠤᠣᠯ ᠤᠨ ᠬᠤᠶᠠᠷ | ᠬᠦᠪᠡᠭᠡ ᠪᠠᠷ ᠠᠵᠢᠯᠴᠢ ᠬᠥᠳᠡᠯᠮᠦᠷᠢᠴᠢ ᠡᠷᠡᠯᠬᠡᠭ ᠪᠠᠭᠠᠲᠤᠷᠯᠢᠭ ᠲᠠᠯ᠎ᠠ ᠨᠤᠳᠤᠭ ᠤᠨ ᠨᠡᠬᠦᠳᠡᠯᠴᠢᠨ ᠦᠨᠳᠦᠰᠦᠲᠡᠨ | — ᠮᠣᠩᠭᠤᠯ ᠦᠨᠳᠦᠰᠦᠲᠡᠨ᠂ ᠡᠸᠡᠩᠬᠢ ᠦᠨᠳᠦᠰᠦᠲᠡᠨ ᠪᠣᠯᠤᠨ ᠳᠠᠭᠤᠷ ᠦᠨᠳᠦᠰᠦᠲᠡᠨ ᠦᠶ᠎ᠡ ᠤᠯᠠᠷᠢᠨ | ᠠᠮᠢᠳᠤᠷᠠᠭᠰᠠᠭᠠᠷ ᠢᠷᠡᠵᠠᠢ᠃ ᠳᠡᠳᠡᠨ ᠤ ᠴᠡᠪᠡᠷ ᠪᠣᠷᠣᠭᠵᠢᠭᠤᠨ ᠦᠨᠳᠦᠰᠦᠳᠡᠨ ᠤ ᠵᠠᠩ ᠰᠤᠷᠲᠠᠯ᠂ ᠥᠪᠡᠷᠮᠢᠴᠡ | ᠣᠨᠴᠠᠯᠢᠭ ᠪᠦᠬᠦᠢ ᠦᠨᠳᠦᠰᠦᠳᠡᠨ ᠤ ᠵᠠᠩ ᠤᠶᠢᠯᠠ᠂ ᠬᠦᠨ ᠵᠤᠵᠠᠭᠠᠨ ᠰᠣᠶᠣᠯ ᠤᠨ ᠠᠭᠤᠯᠠᠬᠤᠨ ᠨᠢ ᠤᠮᠠᠷᠠᠲᠤ ᠶᠢᠨ | ᠨᠡᠭᠦᠳᠡᠯᠴᠢᠨ ᠦᠨᠳᠦᠰᠦᠲᠡᠨ ᠤ ᠥᠪᠡᠷᠮᠢᠴᠡ ᠰᠣᠶᠣᠯ ᠤᠨ ᠠᠭᠤᠷ ᠠᠮᠢᠰᠬᠤᠯ ᠢ ᠪᠤᠢ ᠪᠤᠯᠭᠠᠵᠠᠢ᠃ | ᠤᠢ ᠰᠢᠭᠤᠶ ᠶᠢᠨ ᠴᠡᠴᠡᠷᠯᠢᠭ ᠤᠨ ᠦᠩᠬᠡ ᠦᠵᠡᠮᠵᠢ ᠵᠢᠷᠤᠭ ᠮᠡᠲᠤ ᠭᠤᠴᠤ ᠰᠠᠶᠢᠬᠠᠨ ᠪᠠᠶᠢᠵᠦ᠂ ᠳᠥᠷᠪᠡᠨ | ᠤᠯᠠᠷᠢᠯ ᠤᠨ ᠦᠪᠡᠷᠮᠢᠴᠡ ᠦᠵᠡᠮᠵᠢ ᠨᠢ ᠭᠤᠶᠤ ᠰᠠᠶᠢᠬᠠᠨ ᠪᠠᠶᠢᠳᠠᠭ᠃ ᠬᠠᠪᠤᠷ ᠤᠨ ᠤᠯᠠᠷᠢᠯ ᠳᠤ ᠵᠢᠭᠠᠷᠲᠤ ᠨᠠᠷᠠᠰᠤᠨ | ᠤᠢ ᠳᠠᠬᠢ ᠬᠢᠨᠭ᠍ᠭᠠᠨ ᠤ ᠬᠤᠷᠴᠠ ᠤᠯᠠᠭᠠᠨ ᠴᠡᠴᠡᠭ ᠲᠤᠭᠰᠢᠨ ᠰᠠᠯᠬᠢᠨ ᠰᠢᠷᠦᠬᠦᠨ ᠰᠢᠭᠤᠷᠭᠠᠨ ᠳᠤ ᠣᠮᠤᠭ | ᠲᠡᠬᠦᠯᠳᠠᠷ ᠲᠡᠯᠭᠡᠷᠡᠨ᠎ᠠ᠃ ᠲᠤᠯᠤᠩ ᠮᠡᠲᠤ ᠰᠤᠯᠤᠩᠭᠠᠷᠠᠨ᠂ ᠬᠡᠮᠡᠷᠯᠢᠭ ᠲᠤᠷᠭ᠎ᠠ ᠮᠡᠲᠤ ᠰᠡᠮᠡᠯᠵᠠᠨᠠ᠂ ᠶᠠᠭ ᠯᠠ ᠳᠣᠮᠤᠭ | ᠶᠠᠷᠢᠶᠠᠨ ᠳᠠᠬᠢ ᠲᠤᠭᠤᠷ ᠤᠨ ᠴᠡᠴᠡᠭ ᠤᠨ ᠠᠷᠠᠯ ᠮᠡᠲᠤ᠃ ᠵᠤᠨ ᠤ ᠤᠯᠠᠷᠢᠯ ᠳᠤ ᠤᠢ ᠰᠢᠭᠤᠢ ᠦᠪᠴᠢ ᠨᠤᠭᠤᠭᠠᠷᠠᠨ᠂ | ᠦᠵᠡᠮᠵᠢᠲᠤ ᠴᠡᠴᠡᠭ ᠦᠡᠭᠭᠡ ᠢᠯᠭᠠᠷᠠᠨ ᠲᠡᠯᠭᠡᠷᠡᠨ᠎ᠠ᠂ ᠡᠷᠪᠡᠬᠡᠶ ᠲᠤᠭᠯᠠᠨ ᠵᠥᠬᠡᠶ ᠪᠥᠵᠢᠭᠯᠡᠨ᠎ᠡ᠂ ᠰᠢᠪᠠᠭᠤᠳ ᠤᠨ | ᠤᠶᠠᠩᠭᠠᠲᠤ ᠳᠠᠭᠤᠨ ᠦᠪᠴᠢ ᠤᠢ ᠳᠤ ᠴᠤᠤᠷᠢᠶᠠᠳᠤᠨ᠂ ᠠᠮᠢᠵᠢᠷᠠᠯ ᠤᠨ ᠵᠢᠷᠤᠭ ᠢ ᠲᠡᠯᠭᠡᠨ᠎ᠠ᠃ ᠨᠠᠮᠤᠷ ᠤᠨ | ᠤᠯᠠᠷᠢᠯ ᠳᠤ ᠵᠢᠭᠠᠷᠲᠤ ᠨᠠᠷᠠᠰᠤᠨ ᠤ ᠨᠤᠭᠤᠭᠠᠨ ᠠᠴᠠ ᠭᠠᠳᠠᠨ᠎ᠠ᠂ ᠡᠪᠡᠰᠦ ᠮᠤᠳᠤ ᠴᠡᠴᠡᠭ ᠨᠠᠪᠴᠢ ᠲᠦᠮᠡ ᠮᠢᠩᠭ᠎ᠠ | ᠪᠠᠷ ᠬᠤᠪᠢᠷᠠᠨ᠂ ᠦᠳᠬᠡᠷᠡᠨ ᠦᠡᠭᠭᠡᠰᠢᠵᠦ᠂ ᠵᠢᠭᠳᠡᠷᠡᠭᠡ ᠤᠢ ᠦᠪᠴᠢ ᠪᠤᠳᠤᠭᠳᠠᠨ᠂ ᠲᠦᠭ ᠲᠦᠮᠡᠨ ᠲᠦᠷᠢ ᠲᠦᠷᠬᠦ | ᠢᠯᠡᠷᠡᠬᠦᠯᠦᠨ᠎ᠠ᠂ ᠦᠡᠭᠭᠡᠲᠤ ᠪᠢᠷ ᠢᠶᠠᠷ ᠦᠡᠭᠬᠡ ᠰᠤᠯᠤᠩᠭᠠᠷᠠᠭᠰᠠᠨ ᠦᠵᠡᠰᠬᠦᠯᠡᠩᠲᠤ ᠵᠢᠷᠤᠭ ᠢ ᠬᠡᠨ ᠨᠢᠭᠡ ᠨᠢ | ᠰᠡᠳᠬᠢᠯ ᠲᠡᠨᠢᠬᠦᠨ ᠵᠢᠷᠤᠭᠯᠠᠭᠰᠠᠨ ᠪᠤᠯ︖ ᠡᠪᠦᠯ ᠤᠨ ᠤᠯᠠᠷᠢᠯ ᠳᠤ ᠴᠠᠰᠤ ᠮᠥᠰᠥᠨ ᠳᠤ ᠬᠤᠴᠢᠭᠳᠠᠨ᠂ ᠬᠠᠰ ᠤᠨ | ᠮᠤᠳᠤᠨ ᠳᠤ ᠭᠤᠶᠤ ᠨᠠᠪᠴᠢ ᠤᠷᠭᠤᠵᠠᠢ᠂ ᠴᠠᠰᠤᠨ ᠤ ᠳᠤᠮᠳᠠᠬᠢ ᠵᠢᠭᠠᠷᠲᠤ ᠮᠤᠳᠤ ᠨᠡᠩ ᠴᠤ ᠨᠤᠮᠢᠨ ᠨᠤᠭᠤᠭᠠᠨ ᠢᠶᠠᠷ | ᠰᠡᠬᠦᠶᠢᠨ ᠰᠦᠨᠳᠡᠷᠯᠡᠵᠦ᠂ ᠲᠡᠰᠬᠢᠮ᠎ᠠ ᠬᠦᠢᠳᠡᠨ ᠰᠠᠯᠬᠢ ᠰᠢᠭᠤᠷᠭᠠᠨ ᠲᠠᠢ ᠲᠡᠮᠡᠴᠠᠨᠠ᠃ ᠣᠶ ᠲᠤᠮᠳᠠ ᠠᠳᠠ ᠲᠡᠨᠳᠠ | ᠰᠡᠯᠡᠭᠦᠴᠡᠯ ᠤᠨ ᠬᠤᠨᠤᠭ ᠤᠨ ᠵᠢᠵᠢᠭ ᠮᠣᠳᠣᠨ ᠭᠡᠷ ᠰᠦᠭᠯᠡᠶᠢᠵᠦ᠂ ᠬᠡᠦᠬᠡᠳ ᠤᠨ ᠳᠤᠮᠤᠭ ᠳᠣᠲᠣᠷᠠᠬᠢ ᠴᠠᠰᠤᠨ | ᠭᠦᠩᠵᠦ ᠪᠠ ᠳᠣᠯᠣᠭᠠᠨ ᠣᠳᠣᠶ ᠬᠥᠮᠦᠨ ᠤ ᠶᠢᠷᠲᠢᠨᠴᠦ ᠳᠤ ᠬᠦᠷᠦᠭᠰᠡᠨ ᠮᠡᠲᠤ ᠰᠠᠨᠠᠭᠳᠠᠭᠤᠯᠤᠨ᠎ᠠ᠃ 2005 | ᠣᠨ ᠳᠤ ᠠᠯᠳᠠᠷᠲᠤ ᠺᠢᠨᠣ᠋ ᠤᠷᠠᠯᠢᠭᠴᠢᠨ ᠸᠠᠩ ᠲᠢᠶᠧ ᠴᠧᠩ ᠠᠴᠠ ᠡᠨᠡᠬᠦ ᠬᠤᠩᠭᠤᠯᠵᠢ ᠵᠢᠭᠠᠷᠲᠤ ᠨᠠᠷᠠᠰᠤᠨ | ᠤᠯᠤᠰ ᠤᠨ ᠣᠶ ᠰᠢᠭᠤᠶ ᠶᠢᠨ ᠴᠡᠴᠡᠷᠯᠢᠭ ᠢᠶᠠᠷ ᠵᠤᠭᠠᠴᠠᠨ ᠲᠣᠭᠤᠷᠢᠬᠤ ᠳᠠᠭᠠᠨ ᠰᠡᠳᠬᠢᠯ ᠬᠦᠳᠡᠯᠦᠨ ᠪᠢᠴᠢᠭᠯᠡᠵᠠᠢ᠄ | ︽ ᠬᠤᠩᠭᠤᠯᠵᠢ ᠤᠨ ᠰᠠᠶᠢᠬᠠᠨ ᠦᠵᠡᠮᠵᠢ ᠬᠥᠮᠦᠨ ᠤ ᠶᠢᠷᠲᠢᠨᠴᠦ ᠶᠢᠨ ᠠᠷᠰᠢ ᠶᠢᠨ ᠣᠷᠣᠨ ᠦᠭᠡᠷ᠎ᠡ ᠤᠤ ᠳ᠋ᠠ︾ | ᠃ | | | | | | | | | | | |