ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶᠡᠨ ᠤ ᠠᠯᠪᠠᠨ ᠲᠢᠩᠬᠢᠮ | ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠤᠨ ︽ᠮᠠᠯ ᠠᠵᠤ ᠠᠬᠤᠢ | ᠲᠠᠷᠢᠶᠠᠯᠠᠩ ᠤᠨ ᠪᠤᠬᠢᠷᠳᠤᠯ ᠦᠬᠡᠢ ᠬᠦᠭᠵᠢᠯᠳᠡ ᠶᠢ ᠠᠬᠢᠭᠤᠯᠬᠤ ᠲᠤᠬᠠᠢ ᠬᠡᠷᠡᠭᠵᠢᠬᠦᠯᠬᠦ ᠰᠠᠨᠠᠯ︾ ᠢ ᠲᠠᠷᠤᠮᠠᠯᠯᠠᠨ | ᠲᠠᠷᠬᠠᠭᠠᠬᠤ ᠲᠤᠬᠠᠢ ᠮᠡᠳᠡᠭᠳᠡᠯ | ᠡᠯ᠎ᠡ ᠠᠶᠢᠮᠠᠭ ᠬᠤᠳᠠ ᠶᠢᠨ ᠨᠠᠮ ᠤᠨ ᠬᠤᠷᠢᠶ᠎ᠡ᠂ ᠠᠶᠢᠮᠠᠭ ᠤᠨ ᠵᠠᠬᠢᠷᠭ᠎ᠠ᠂ ᠬᠤᠳᠠ ᠶᠢᠨ ᠠᠷᠠᠳ ᠤᠨ | ᠵᠠᠰᠠᠭ ᠤᠨ ᠤᠷᠳᠤᠨ᠂ ᠦᠪᠡᠷᠳᠡᠭᠡᠨ ᠵᠠᠰᠠᠬᠤ ᠤᠷᠤᠨ ᠤ ᠡᠯ᠎ᠡ ᠬᠡᠯᠳᠡᠰ᠂ | ᠵᠦᠪᠯᠡᠯ᠂ ᠠᠯᠪᠠᠨ ᠭᠡᠷ᠂ ᠲᠢᠩᠬᠢᠮ᠂ ᠲᠤᠪᠴᠢᠶ᠎ᠠ ᠪᠤᠯᠤᠨ ᠡᠯ᠎ᠡ ᠠᠷᠠᠳ ᠤᠨ ᠪᠦᠯᠬᠦᠮ ᠳᠤ᠄ | ︽ᠮᠠᠯ ᠠᠵᠤ ᠠᠬᠤᠢ ᠲᠠᠷᠢᠶᠠᠯᠠᠩ ᠤᠨ ᠪᠤᠬᠢᠷᠳᠤᠯ ᠦᠬᠡᠢ ᠬᠦᠭᠵᠢᠯᠳᠡ ᠶᠢ ᠠᠬᠢᠭᠤᠯᠬᠤ ᠲᠤᠬᠠᠢ | ᠬᠡᠷᠡᠭᠵᠢᠬᠦᠯᠬᠦ ᠰᠠᠨᠠᠯ︾ ᠢ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠡ᠂ ᠵᠠᠰᠠᠭ ᠤᠨ ᠤᠷᠳᠤᠨ | ᠵᠦᠪᠰᠢᠶᠡᠷᠡᠵᠡᠢ᠂ ᠤᠳᠤ ᠲᠠᠨᠠᠷ ᠲᠤ ᠲᠠᠷᠤᠮᠠᠯᠯᠠᠨ ᠲᠠᠷᠬᠠᠭᠠᠪᠠ᠂ ᠪᠤᠳᠠᠳᠠᠢ ᠲᠠᠢ ᠪᠠᠨ ᠤᠶᠠᠯᠳᠤᠭᠤᠯᠵᠥ ᠪᠠᠶᠢᠭᠠᠳ | ᠨᠠᠷᠢᠨ ᠬᠢᠨᠠᠮᠠᠭᠠᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠪᠤᠯᠪᠠᠤ᠃ | ᠲᠤᠮᠳᠠᠳᠤ ᠤᠯᠤᠰ ᠤᠨ ᠡᠪ ᠬᠠᠮᠳᠤ ᠨᠠᠮ ᠤᠨ ᠦᠪᠤᠷ ᠮᠤᠩᠭᠤᠯ ᠤᠨ | ᠦᠪᠡᠷᠳᠡᠭᠡᠨ ᠵᠠᠰᠠᠬᠤ ᠤᠷᠤᠨ ᠤ ᠬᠤᠷᠢᠶ᠎ᠡ ᠶᠢᠨ ᠠᠯᠪᠠᠨ ᠲᠢᠩᠬᠢᠮ | ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ | ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ | 2018 ᠤᠨ ᠤ 12 ᠰᠠᠷ᠎ᠠ ᠶᠢᠨ 30 ᠤ ᠡᠳᠦᠷ | ︽ᠨᠠᠮ ᠤᠨ ᠲᠦᠪ ᠬᠤᠷᠢᠶᠡᠨ ᠤ ᠠᠯᠪᠠᠨ ᠲᠢᠩᠬᠢᠮ᠂ ᠲᠦᠷᠦ ᠶᠢᠨ ᠶᠠᠪᠤᠳᠠᠯ ᠤᠨ ᠬᠤᠷᠢᠶᠡᠨ ᠤ ᠠᠯᠪᠠᠨ | ᠲᠢᠩᠬᠢᠮ ᠤᠨ ︿ᠪᠠᠶᠢᠭᠤᠯᠤᠮᠵᠢ ᠲᠤᠭᠳᠠᠴᠠ ᠶᠢᠨ ᠰᠢᠨ᠎ᠡ ᠶᠢ ᠡᠬᠦᠳᠴᠦ ᠬᠦᠳᠡᠭᠡ ᠠᠵᠥ ᠠᠬᠤᠢ ᠶᠢᠨ ᠪᠤᠬᠢᠷᠳᠤᠯ | ᠦᠭᠡᠢ ᠬᠦᠭᠵᠢᠯᠳᠡ ᠶᠢ ᠠᠬᠢᠭᠤᠯᠬᠤ ᠲᠤᠬᠠᠢ ᠬᠡᠷᠡᠭᠵᠢᠬᠦᠯᠬᠦ ᠰᠠᠨᠠᠯ﹀ ᠢ ᠲᠠᠷᠤᠮᠠᠯᠯᠠᠨ ᠲᠠᠷᠬᠠᠭᠠᠬᠤ ᠲᠤᠬᠠᠢ ᠮᠡᠳᠡᠭᠳᠡᠯ︾ | ᠤᠨ ᠵᠤᠷᠢᠭ ᠰᠠᠨᠠᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠥ᠂ ᠮᠠᠯ ᠠᠵᠤ ᠠᠬᠤᠢ ᠲᠠᠷᠢᠶᠠᠯᠠᠩ ᠤᠨ | ᠪᠤᠬᠢᠷᠳᠤᠯ ᠦᠭᠡᠢ ᠬᠦᠭᠵᠢᠯᠳᠡ ᠶᠢ ᠲᠦᠷᠬᠡᠳᠬᠡᠨ ᠠᠬᠢᠭᠤᠯᠬᠤ ᠶᠢᠨ ᠲᠦᠯᠥᠬᠡ᠂ ᠦᠪᠡᠷᠳᠡᠭᠡᠨ ᠵᠠᠰᠠᠬᠤ ᠤᠷᠤᠨ ᠤ | ᠪᠤᠳᠠᠳᠤ ᠪᠠᠶᠢᠳᠠᠯ ᠲᠠᠢ ᠤᠶᠠᠯᠳᠤᠭᠤᠯᠵᠥ ᠲᠤᠤᠷᠠᠬᠢ ᠮᠡᠳᠦ ᠬᠡᠷᠡᠭᠵᠢᠬᠦᠯᠬᠦ ᠰᠠᠨᠠᠯ ᠢ ᠲᠤᠷᠠᠳᠴᠠᠢ᠃ | ᠨᠢᠬᠡ᠂ ᠶᠡᠷᠤᠩᠬᠡᠢ ᠱᠠᠭᠠᠷᠳᠠᠯᠭ᠎ᠠ | ︵ᠨᠢᠬᠡ︶ ᠵᠢᠯᠤᠭᠤᠳᠬᠤ ᠦᠵᠡᠯ ᠰᠠᠨᠠᠭ᠎ᠠ | ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠲᠤᠮᠳᠠᠳᠤ ᠤᠯᠤᠰ ᠤᠨ ᠤᠨᠴᠠᠯᠢᠭ ᠲᠠᠢ ᠨᠡᠶᠢᠬᠡᠮ ᠵᠢᠷᠤᠮ ᠤᠨ ᠦᠵᠡᠯ | ᠰᠠᠨᠠᠭ᠎ᠠ ᠪᠠᠷ ᠵᠢᠯᠤᠭᠤᠳᠤᠯᠭ᠎ᠠ ᠪᠤᠯᠭᠠᠵᠥ᠂ ᠨᠠᠮ ᠤᠨ ᠠᠷᠪᠠ ᠶᠢᠰᠦᠳᠦᠬᠡᠷ ᠶᠡᠭᠡ ᠬᠤᠷᠡᠯ ᠪᠤᠯᠤᠨ ᠠᠷᠪᠠ ᠶᠢᠰᠦᠳᠦᠬᠡᠷ | ᠬᠤᠭᠤᠴᠠᠭᠠᠨ ᠤ ᠲᠦᠪ ᠬᠤᠷᠢᠶᠡᠨ ᠤ ᠬᠤᠶᠠᠳᠤᠭᠠᠷ᠂ ᠭᠤᠷᠪᠠᠳᠤᠭᠠᠷ ᠪᠦᠬᠦᠳᠡ ᠬᠤᠷᠡᠯ ᠤᠨ ᠵᠤᠷᠢᠭ ᠰᠠᠨᠠᠭ᠎ᠠ ᠶᠢ | ᠪᠦᠬᠦ ᠲᠡᠯ᠎ᠡ ᠪᠠᠷ ᠲᠤᠭᠤᠰᠢᠯᠠᠭᠤᠯᠵᠥ᠂ ᠶᠡᠷᠤᠩᠬᠡᠢ ᠱᠦᠵᠢ ᠰᠢ ᠶᠢᠨ ᠫᠢᠩ ᠤᠨ ᠦᠪᠤᠷ ᠮᠤᠩᠭᠤᠯ ᠳᠤ ᠰᠢᠨᠵᠢᠯᠡᠨ | ᠪᠠᠶᠢᠴᠠᠭᠠᠬᠤ ᠦᠶ᠎ᠡ ᠶᠢᠨ ᠴᠢᠬᠤᠯᠠ ᠶᠠᠷᠢᠶ᠎ᠠ ᠪᠤᠯᠤᠨ ᠠᠷᠪᠠᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ | ᠠᠷᠠᠳ ᠤᠨ ᠲᠦᠯᠥᠬᠡᠯᠡᠭᠴᠢᠳ ᠤᠨ ᠶᠡᠭᠡ ᠬᠤᠷᠡᠯ ᠤᠨ ᠠᠩᠬᠠᠳᠤᠭᠠᠷ ᠬᠤᠷᠡᠯ ᠤᠨ ᠦᠪᠤᠷ ᠮᠤᠩᠭᠤᠯ ᠤᠨ | ᠲᠦᠯᠥᠬᠡᠯᠡᠭᠴᠢᠳ ᠤᠨ ᠪᠦᠯᠬᠦᠮ ᠤᠨ ᠬᠢᠨᠠᠨ ᠵᠦᠪᠯᠡᠬᠦ ᠳᠤ ᠤᠷᠤᠯᠴᠠᠬᠤ ᠦᠶ᠎ᠡ ᠶᠢᠨ ᠴᠢᠬᠤᠯᠠ ᠶᠠᠷᠢᠶᠠᠨ ᠤ ᠵᠤᠷᠢᠭ | ᠰᠠᠨᠠᠭ᠎ᠠ ᠶᠢ ᠬᠦᠨᠵᠡᠬᠡᠢ ᠲᠤᠭᠤᠰᠢᠯᠠᠭᠤᠯᠵᠥ᠂ ︽ᠲᠠᠪᠤ ᠶᠢ ᠨᠢᠬᠡ ᠴᠤᠭᠴᠠᠵᠢᠭᠤᠯᠬᠤ︾ ᠶᠡᠷᠤᠩᠬᠡᠢ | ᠪᠠᠶᠢᠷᠢᠰᠢᠭᠤᠯᠤᠯᠳᠠ ᠶᠢ ᠨᠢᠬᠡᠳᠤᠯᠳᠡᠢ ᠲᠦᠯᠥᠪᠵᠢᠬᠦᠯᠥᠨ ᠠᠬᠢᠭᠤᠯᠬᠤ ᠪᠠ ︽ᠲᠦᠷᠪᠡᠨ ᠪᠦᠬᠦ ᠲᠡᠯ᠎ᠡ︾ ᠶᠢᠨ | ᠪᠠᠶᠢᠯᠳᠤᠬᠤ ᠪᠤᠳᠤᠯᠭ᠎ᠠ ᠶᠢᠨ ᠪᠠᠶᠢᠷᠢᠰᠢᠭᠤᠯᠤᠯᠳᠠ ᠶᠢ ᠵᠤᠬᠢᠴᠠᠭᠤᠯᠤᠨ ᠠᠬᠢᠭᠤᠯᠬᠤ ᠶᠢᠨ ᠲᠤᠭᠤᠷᠢᠨ ᠳᠤ᠂ ᠰᠢᠨ᠎ᠡ | ᠬᠦᠭᠵᠢᠯᠳᠡ ᠶᠢᠨ ᠣᠶᠢᠯᠠᠭᠠᠬᠳᠠᠬᠤᠨ ᠢ ᠪᠠᠷᠢᠮᠳᠠᠯᠠᠵᠥ᠂ ᠬᠦᠬᠡᠮᠳᠦᠭ ᠨᠤᠭᠤᠭᠠᠨ ᠠᠭᠤᠯᠠ ᠤᠰᠤ ᠪᠤᠯ ᠲᠠᠷᠤᠢ ᠠᠯᠳᠠ | ᠮᠥᠩᠬᠦᠨ ᠠᠭᠤᠯᠠ ᠮᠥᠨ ᠬᠡᠬᠦ ᠣᠶᠢᠯᠠᠭᠠᠬᠳᠠᠬᠤᠨ ᠢ ᠪᠠᠳᠤ ᠪᠠᠬᠢ ᠪᠤᠢ ᠪᠤᠯᠭᠠᠨ ᠦᠢᠯᠡᠳᠦᠯᠬᠡᠵᠢᠬᠦᠯᠵᠥ᠂ ᠡᠬᠢ | ᠪᠠᠶᠠᠯᠢᠭ ᠤᠷᠴᠢᠨ ᠲᠤᠭᠤᠷᠢᠨ ᠤ ᠲᠠᠭᠠᠭᠠᠬᠤ ᠴᠢᠳᠠᠪᠤᠷᠢ ᠪᠠᠷ ᠰᠠᠭᠤᠷᠢ ᠪᠠᠷᠢᠮᠵᠢᠶ᠎ᠠ ᠪᠤᠯᠭᠠᠵᠥ᠂ ᠮᠠᠯ ᠠᠵᠤ ᠠᠬᠤᠢ | ᠲᠠᠷᠢᠶᠠᠯᠠᠩ ᠤᠨ ᠬᠠᠩᠭᠠᠯᠭ᠎ᠠ ᠶᠢᠨ ᠲᠠᠯ᠎ᠠ ᠶᠢᠨ ᠪᠦᠳᠦᠴᠡ ᠶᠢᠨ ᠴᠢᠨᠠᠷᠳᠠᠢ ᠦᠬᠡᠷᠡᠴᠢᠯᠡᠯᠳᠡ ᠶᠢ ᠠᠬᠢᠭᠤᠯᠬᠤ ᠪᠠᠷ | ᠭᠤᠤᠯ ᠰᠢᠵᠢᠮ ᠢᠶᠠᠨ ᠪᠤᠯᠭᠠᠵᠥ᠂ ᠬᠦᠳᠡᠭᠡ ᠲᠤᠰᠬᠤᠨ ᠢ ᠬᠦᠭᠵᠢᠬᠦᠯᠥᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢ | ᠲᠦᠷᠬᠡᠳᠬᠡᠨ ᠬᠡᠷᠡᠭᠵᠢᠬᠦᠯᠵᠥ᠂ ᠮᠠᠯ ᠠᠵᠥ ᠠᠬᠤᠢ ᠲᠠᠷᠢᠶᠠᠯᠠᠩ ᠤᠨ ᠬᠡᠯᠪᠡᠷᠢ ᠶᠢ ᠬᠤᠪᠢᠷᠡᠭᠤᠯᠤᠨ ᠲᠡᠰ ᠲᠡᠪᠰᠢᠬᠦ ᠶᠢ | ᠠᠬᠢᠭᠤᠯᠵᠥ᠂ ᠬᠦᠮᠥᠨ ᠪᠠᠶᠢᠭᠠᠯᠢ ᠡᠶ᠎ᠡ ᠵᠤᠬᠢᠴᠠᠩᠭᠤᠢ ᠪᠠᠷ ᠬᠠᠮᠳᠤ ᠪᠠᠷ ᠤᠷᠤᠰᠢᠭᠰᠠᠠ ᠮᠠᠯ ᠠᠵᠤ ᠠᠬᠤᠢ | ᠲᠠᠷᠢᠶᠠᠯᠠᠩ ᠤᠨ ᠰᠢᠨ᠎ᠡ ᠪᠠᠶᠢᠷᠢᠰᠢᠯ ᠢ ᠬᠦᠴᠦᠯᠡᠨ ᠪᠠᠶᠢᠭᠤᠯᠵᠥ᠂ ᠪᠤᠬᠢᠷᠳᠤᠯ ᠦᠭᠡᠢ ᠦᠢᠯᠡᠳᠪᠤᠷᠢᠯᠡᠯ ᠤᠨ ᠠᠷᠭ᠎ᠠ | ᠬᠡᠯᠪᠡᠷᠢ ᠪᠤᠯᠤᠨ ᠠᠮᠢᠳᠤᠷᠠᠯ ᠤᠨ ᠠᠷᠭ᠎ᠠ ᠬᠡᠯᠪᠡᠷᠢ ᠶᠢᠨ ᠪᠦᠷᠢᠯᠳᠦᠬᠦ ᠶᠢ ᠠᠬᠢᠭᠤᠯᠵᠥ᠂ ᠮᠠᠯ ᠠᠵᠤ ᠠᠬᠤᠢ | ᠲᠠᠷᠢᠶᠠᠯᠠᠩ ᠤᠨ ᠬᠦᠴᠦᠷᠬᠡᠭᠵᠢᠯ᠂ ᠮᠠᠯᠴᠢᠨ ᠲᠠᠷᠢᠶᠠᠴᠢᠨ ᠤ ᠪᠠᠶᠠᠵᠢᠯ᠂ ᠬᠦᠳᠡᠭᠡ ᠲᠤᠰᠬᠤᠨ ᠮᠠᠯᠵᠢᠬᠤ ᠤᠷᠤᠨ ᠤ | ᠭᠤᠶᠤᠵᠢᠯ ᠢ ᠪᠡᠶᠡᠯᠡᠬᠦᠯᠵᠥ᠂ ᠴᠢᠨᠡᠭᠡᠯᠢᠭ ᠨᠡᠶᠢᠬᠡᠮ ᠢ ᠪᠦᠬᠦ ᠲᠡᠯ᠎ᠡ ᠪᠠᠷ ᠪᠡᠶᠡᠯᠡᠬᠦᠯᠬᠦ ᠰᠢᠢᠳᠪᠤᠷᠢᠳᠤ ᠢᠯᠠᠯᠳᠠ ᠶᠢ | ᠤᠯᠬᠤ᠂ ᠤᠳᠤᠬᠢᠴᠢᠯᠠᠭᠰᠠᠠ ᠦᠪᠤᠷ ᠮᠤᠩᠭᠤᠯ ᠢ ᠪᠦᠳᠦᠬᠡᠨ ᠪᠠᠶᠢᠭᠤᠯᠬᠤ ᠳᠤ ᠬᠦᠴᠦᠳᠠᠢ ᠲᠤᠯᠭᠠᠭᠤᠷᠢᠯᠠᠯ | ᠬᠠᠩᠭᠠᠨ᠎ᠠ᠃ | ︵ᠬᠤᠶᠠᠷ︶ ᠬᠠᠷᠠᠯᠳᠡ ᠡᠬᠦᠷᠬᠡ | ᠡᠬᠢ ᠪᠠᠶᠠᠯᠢᠭ ᠤᠨ ᠠᠰᠢᠬᠯᠠᠯᠳᠠ ᠶᠢ ᠨᠡᠩ ᠦᠨᠳᠤᠷ ᠦᠷ᠎ᠡ ᠪᠦᠳᠦᠮᠵᠢᠳᠡᠢ ᠪᠤᠯᠭᠠᠨ᠎ᠠ᠃ 2020 ᠤᠨ | ᠪᠤᠯᠬᠤ ᠳᠤ᠂ 1.15 ᠳ᠋ᠦᠩᠰᠢᠭᠤᠷ ᠮᠦ ᠶᠢᠨ ᠲᠠᠷᠢᠶᠠᠨ ᠭᠠᠵᠠᠷ ᠤᠨ ᠤᠯᠠᠭᠠᠨ ᠱᠤᠭᠤᠮ ᠢ ᠪᠠᠳᠤ ᠰᠡᠬᠢᠵᠥ᠂ | ᠦᠨᠳᠦᠰᠦᠨ ᠨᠤᠳᠤᠭ ᠪᠡᠯᠴᠢᠬᠡᠷ ᠤᠨ ᠬᠡᠮᠵᠢᠶ᠎ᠡ ᠶᠢ 8.84 ᠳ᠋ᠦᠩᠰᠢᠭᠤᠷ ᠮᠦ ᠠᠴᠠ ᠲᠤᠤᠷ᠎ᠡ ᠪᠠᠶᠢᠯᠭᠠᠬᠤ ᠦᠬᠡᠢ | ᠪᠠᠶᠢᠵᠤ᠂ ᠲᠠᠷᠢᠶᠠᠨ ᠭᠠᠵᠠᠷ ᠤᠨ ᠶᠠᠰᠤ ᠴᠢᠨᠠᠷ ᠢ ᠲᠤᠮᠳᠠᠴᠢ ᠪᠠᠷ 2015 ᠤᠨ ᠤ ᠬᠢ ᠠᠴᠠ 0.5 ᠲᠡᠰ | ᠲᠡᠭᠡᠭᠰᠢᠯᠡᠬᠦᠯᠵᠥ᠂ ᠲᠠᠷᠢᠶᠠᠨ ᠭᠠᠵᠠᠷ ᠤᠨ ᠤᠰᠤᠯᠠᠯᠳᠠ ᠶᠢᠨ ᠪᠦᠳᠦᠮᠵᠢᠳᠡᠢ ᠠᠰᠢᠬᠯᠠᠯᠳᠠ ᠶᠢᠨ ᠢᠯᠡᠳᠬᠡᠮᠵᠢ ᠶᠢ 0. | 55 ᠲᠡᠭᠡᠭᠰᠢᠯᠡᠬᠦᠯᠥᠨ᠎ᠡ᠃ 2030 ᠤᠨ ᠪᠤᠯᠬᠤ ᠳᠤ᠂ ᠪᠦᠬᠦ ᠤᠷᠤᠨ ᠤ ᠲᠠᠷᠢᠶᠠᠨ ᠭᠠᠵᠠᠷ ᠤᠨ ᠶᠠᠰᠤ ᠴᠢᠨᠠᠷ ᠤᠨ | ᠲᠦᠪᠰᠢᠨ᠂ ᠨᠤᠳᠤᠭ ᠪᠡᠯᠴᠢᠬᠡᠷ ᠤᠨ ᠠᠮᠢ ᠠᠬᠤᠢ ᠶᠢᠨ ᠶᠠᠰᠤ ᠴᠢᠨᠠᠷ ᠪᠤᠯᠤᠨ ᠮᠠᠯ ᠠᠵᠤ ᠠᠬᠤᠢ ᠲᠠᠷᠢᠶᠠᠯᠠᠩ ᠤᠨ | ᠤᠰᠤ ᠬᠡᠷᠡᠭᠯᠡᠬᠦ ᠠᠰᠢᠬᠯᠡᠮᠵᠢ ᠶᠢ ᠴᠢᠨᠠᠭᠰᠢᠳᠠ ᠲᠡᠭᠡᠭᠰᠢᠯᠡᠬᠦᠯᠥᠨ᠎ᠡ᠃ | ᠭᠠᠷᠤᠯᠳᠠ ᠶᠢᠨ ᠭᠠᠵᠠᠷ ᠤᠨ ᠤᠷᠴᠢᠨ ᠲᠤᠭᠤᠷᠢᠨ ᠢ ᠤᠯᠠᠮ ᠴᠡᠪᠡᠷᠰᠢᠬᠦᠯᠥᠨᠡ᠃ 2020 ᠤᠨ | ᠪᠤᠯᠬᠤ ᠳᠤ ᠪᠦᠬᠦ ᠤᠷᠤᠨ ᠤ ᠬᠢᠮᠢ ᠶᠢᠨ ᠪᠤᠷᠳᠤᠭᠤᠷ᠂ ᠲᠠᠷᠢᠶᠠᠨ ᠡᠮ ᠬᠡᠷᠡᠭᠯᠡᠬᠦ ᠬᠡᠮᠵᠢᠶ᠎ᠡ ᠶᠢᠨ ᠰᠦᠬᠡᠷᠬᠦ ᠨᠡᠮᠡᠭᠳᠡᠯ ᠢ | ᠪᠠᠳᠤᠯᠠᠵᠥ᠂ ᠬᠢᠮᠢ ᠶᠢᠨ ᠪᠤᠷᠳᠤᠭᠤᠷ᠂ ᠲᠠᠷᠢᠶᠠᠨ ᠡᠮ ᠤᠨ ᠠᠰᠢᠬᠯᠠᠯᠳᠠ ᠶᠢᠨ ᠨᠤᠷᠮ᠎ᠡ ᠶᠢ 40% ᠳᠤ ᠬᠦᠷᠬᠡᠵᠥ᠂ | ᠡᠰᠢ ᠰᠦᠷᠡᠯ ᠤᠨ ᠠᠰᠢᠬᠯᠠᠯᠳᠠ ᠶᠢᠨ ᠨᠤᠷᠮ᠎ᠡ ᠶᠢ 85% ᠳᠤ ᠬᠦᠷᠬᠡᠵᠥ᠂ ᠮᠠᠯ ᠵᠢᠬᠦᠷᠳᠡᠨ ᠤ ᠢᠯᠭᠠᠳᠠᠰᠤ ᠶᠢᠨ | ᠶᠡᠷᠤᠩᠬᠡᠶᠢᠯᠡᠭᠰᠡᠡ ᠠᠰᠢᠬᠯᠠᠯᠳᠠ ᠶᠢᠨ ᠨᠤᠷᠮ᠎ᠡ ᠶᠢ 75% ᠠᠴᠠ ᠲᠡᠭᠡᠭᠰᠢ ᠳᠤ ᠬᠦᠷᠬᠡᠵᠥ᠂ ᠲᠠᠷᠢᠶᠠᠯᠠᠩ ᠤᠨ ᠨᠢᠮᠬᠡᠨ | ᠰᠦᠯᠢᠶᠤᠤ ᠪᠦᠷᠬᠦᠪᠴᠢ ᠶᠢᠨ ᠬᠤᠷᠢᠶᠡᠨ ᠠᠪᠬᠤ ᠨᠤᠷᠮ᠎ᠡ ᠶᠢ 80% ᠳᠤ ᠬᠦᠷᠬᠡᠨ᠎ᠡ᠃ 2030 ᠤᠨ ᠪᠤᠯᠬᠤ ᠳᠤ᠂ | ᠬᠢᠮᠢ ᠶᠢᠨ ᠪᠤᠷᠳᠤᠭᠤᠷ᠂ ᠲᠠᠷᠢᠶᠠᠨ ᠡᠮ ᠤᠨ ᠠᠰᠢᠬᠯᠠᠯᠳᠠ ᠶᠢᠨ ᠨᠤᠷᠮ᠎ᠡ ᠶᠢ ᠲᠡᠭᠡᠭᠰᠢᠯᠡᠬᠦᠯᠵᠥ᠂ ᠮᠠᠯ ᠠᠵᠤ ᠠᠬᠤᠢ | ᠲᠠᠷᠢᠶᠠᠯᠠᠩ ᠤᠨ ᠬᠠᠶᠠᠭᠳᠠᠮᠠᠯ ᠡᠳ᠋ ᠢ ᠪᠦᠬᠦ ᠪᠠᠶᠠᠯᠢᠬᠵᠢᠭᠤᠯᠤᠨ ᠠᠰᠢᠬᠯᠠᠬᠤ ᠶᠢ ᠪᠡᠶᠡᠯᠡᠬᠦᠯᠥᠨ᠎ᠡ᠃ | ᠠᠮᠢ ᠠᠬᠤᠢ ᠶᠢᠨ ᠰᠢᠰᠲ᠋ᠧᠮ ᠢ ᠤᠯᠠᠮ ᠲᠤᠭᠳᠠᠭᠤᠨ ᠪᠤᠯᠭᠠᠨ᠎ᠠ᠃ 2020 ᠤᠨ ᠪᠤᠯᠬᠤ ᠳᠤ᠂ ᠪᠦᠬᠦ | ᠤᠷᠤᠨ ᠤ ᠤᠢ ᠰᠢᠭᠤᠢ ᠶᠢᠨ ᠪᠦᠷᠬᠦᠴᠡ ᠶᠢᠨ ᠨᠤᠷᠮ᠎ᠡ ᠶᠢ 23% ᠠᠴᠠ ᠲᠡᠭᠡᠭᠰᠢ ᠳᠤ ᠬᠦᠷᠬᠡᠵᠥ᠂ ᠨᠤᠭᠤ | ᠭᠠᠵᠠᠷ ᠤᠨ ᠲᠠᠯᠠᠪᠠᠢ ᠶᠢ 9000 ᠲᠦᠮᠡᠨ ᠮᠦ ᠠᠴᠠ ᠲᠤᠤᠷ᠎ᠡ ᠦᠭᠡᠢ ᠪᠠᠶᠢᠯᠭᠠᠵᠥ᠂ ᠦᠨᠳᠦᠰᠦᠨ ᠲᠠᠷᠢᠶᠠᠨ | ᠭᠠᠵᠠᠷ ᠢ ᠤᠢ ᠰᠢᠭᠤᠢ ᠶᠢᠨ ᠲᠤᠤᠷ ᠢᠶᠠᠷ ᠡᠵᠡᠮᠳᠡᠬᠦ ᠶᠢ ᠦᠨᠳᠦᠰᠦᠨ ᠳᠡᠭᠡᠨ ᠪᠡᠶᠡᠯᠡᠬᠦᠯᠵᠥ᠂ ᠨᠤᠳᠤᠭ ᠪᠡᠯᠴᠢᠬᠡᠷ ᠤᠨ | ᠶᠡᠷᠤᠩᠬᠡᠶᠢᠯᠡᠭᠰᠡᠡ ᠤᠷᠭᠤᠮᠠᠯ ᠤᠨ ᠪᠦᠷᠬᠦᠴᠡ ᠶᠢ 45% ᠳᠤ ᠬᠦᠷᠬᠡᠨ᠎ᠡ᠃ 2030 ᠤᠨ ᠪᠤᠯᠬᠤ ᠳᠤ ᠲᠠᠷᠢᠶᠠᠨ | ᠭᠠᠵᠠᠷ᠂ ᠨᠤᠳᠤᠭ ᠪᠡᠯᠴᠢᠬᠡᠷ᠂ ᠤᠢ ᠰᠢᠭᠤᠢ᠂ ᠨᠤᠭᠤ ᠭᠠᠵᠠᠷ᠂ ᠤᠰᠤᠨ ᠤᠷᠤᠨ ᠤ ᠠᠮᠢ ᠠᠬᠤᠢ ᠶᠢᠨ ᠰᠢᠰᠲ᠋ᠧᠮ ᠢ | ᠴᠢᠨᠠᠭᠰᠢᠳᠠ ᠰᠠᠶᠢᠵᠢᠷᠠᠭᠤᠯᠤᠨ᠎ᠡ᠃ | ᠪᠤᠬᠢᠷᠳᠤᠯ ᠦᠭᠡᠢ ᠬᠠᠩᠭᠠᠯᠭ᠎ᠠ ᠶᠢᠨ ᠴᠢᠳᠠᠪᠤᠷᠢ ᠶᠢ ᠲᠤᠭᠳᠠᠭᠤᠨ ᠢᠶᠠᠷ ᠲᠡᠭᠡᠭᠰᠢᠯᠡᠬᠦᠯᠥᠨ᠎ᠡ᠃ 2020 ᠤᠨ | ᠪᠤᠯᠬᠤ ᠳᠤ᠂ ᠪᠦᠬᠦ ᠤᠷᠤᠨ ᠤ ᠠᠮᠤ ᠪᠤᠳᠠᠭᠠᠨ ᠤ ᠶᠡᠷᠤᠩᠬᠡᠶᠢᠯᠡᠭᠰᠡᠡ ᠦᠢᠯᠡᠳᠪᠤᠷᠢᠯᠡᠯ ᠤᠨ ᠴᠢᠳᠠᠪᠤᠷᠢ ᠶᠢ 2750 | ᠲᠦᠮᠡᠨ ᠲᠤᠨ ᠤᠷᠴᠢᠮ ᠳᠤ ᠲᠤᠭᠳᠠᠪᠤᠷᠢᠵᠢᠭᠤᠯᠵᠥ᠂ ᠮᠢᠬᠠᠨ ᠤ ᠲᠦᠷᠦᠯ ᠤᠨ ᠶᠡᠷᠤᠩᠬᠡᠢ ᠭᠠᠷᠭᠠᠯᠳᠠ ᠶᠢ 280 | ᠭᠠᠷᠤᠢ ᠲᠦᠮᠡᠨ ᠲᠤᠨ ᠳᠤ ᠬᠦᠷᠬᠡᠵᠥ᠂ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠳᠦᠭᠡᠭᠳᠡᠬᠦᠨ ᠤ ᠶᠠᠰᠤ | ᠴᠢᠨᠠᠷ ᠤᠨ ᠠᠮᠤᠷ ᠲᠦᠪᠰᠢᠨ ᠪᠤᠯᠤᠨ ᠲᠦᠷᠦᠯ ᠲᠡᠮᠳᠡᠭᠳᠤ ᠮᠠᠯ ᠤᠨ ᠠᠰᠢᠭ ᠰᠢᠮ᠎ᠡ ᠲᠠᠷᠢᠶᠠᠯᠠᠩ ᠤᠨ | ᠪᠦᠳᠦᠭᠡᠭᠳᠡᠬᠦᠨ ᠤ ᠬᠠᠷᠢᠴᠠᠯ ᠢ ᠢᠯᠡᠳᠳᠡ ᠲᠡᠭᠡᠭᠰᠢᠯᠡᠬᠦᠯᠵᠥ᠂ ᠵᠤᠭ᠎ᠠ ᠰᠡᠯᠡᠬᠦᠴᠡᠯ ᠤᠨ ᠮᠠᠯ ᠠᠵᠥ ᠠᠬᠤᠢ | ᠲᠠᠷᠢᠶᠠᠯᠠᠩ ᠪᠤᠯᠤᠨ ᠬᠦᠳᠡᠭᠡ ᠲᠤᠰᠬᠤᠨ ᠮᠠᠯᠵᠢᠬᠤ ᠤᠷᠤᠨ ᠤ ᠵᠢᠭᠤᠯᠴᠢᠯᠠᠯ ᠢ ᠲᠦᠷᠬᠡᠳᠬᠡᠨ ᠬᠦᠭᠵᠢᠬᠦᠯᠥᠨ᠎ᠡ᠃ | 2030 ᠤᠨ ᠪᠤᠯᠬᠤ ᠳᠤ᠂ ᠮᠠᠯ ᠤᠨ ᠠᠰᠢᠬ ᠰᠢᠮ᠎ᠡ ᠲᠠᠷᠢᠶᠠᠯᠠᠩ ᠤᠨ ᠪᠦᠳᠦᠬᠡᠭᠳᠡᠬᠦᠨ ᠤ ᠬᠠᠩᠭᠠᠯᠭ᠎ᠠ ᠶᠢ ᠤᠯᠠᠮ | ᠴᠢᠨᠠᠷ ᠰᠠᠶᠢᠳᠠᠢ ᠠᠮᠤᠷ ᠲᠦᠪᠰᠢᠨ ᠪᠤᠯᠭᠠᠵᠥ᠂ ᠮᠠᠯ ᠠᠵᠤ ᠠᠬᠤᠢ ᠲᠠᠷᠢᠶᠠᠯᠠᠩ ᠤᠨ ᠠᠮᠢ ᠠᠬᠤᠢ ᠶᠢᠨ | ᠦᠢᠯᠡᠴᠢᠯᠡᠬᠡᠨ ᠤ ᠴᠢᠳᠠᠪᠤᠷᠢ ᠶᠢ ᠴᠢᠨᠠᠭᠰᠢᠳᠠ ᠲᠡᠭᠡᠭᠰᠢᠯᠡᠬᠦᠯᠥᠨ᠎ᠡ᠃ | ᠬᠤᠶᠠᠷ᠂ ᠮᠠᠯ ᠠᠵᠤ ᠠᠬᠤᠢ ᠲᠠᠷᠢᠶᠠᠯᠠᠩ ᠤᠨ ᠭᠤᠤᠯ ᠴᠤᠭᠴᠠ ᠶᠢᠨ ᠴᠢᠳᠡᠮᠵᠢ ᠪᠤᠯᠤᠨ ᠤᠷᠤᠨ ᠵᠠᠢ ᠶᠢᠨ | ᠪᠠᠶᠢᠷᠢᠰᠢᠯ ᠢ ᠰᠢᠯᠢᠳᠡᠭᠵᠢᠬᠦᠯᠥᠨᠡ | ︵ᠭᠤᠷᠪᠠ︶ ᠮᠠᠯ ᠠᠵᠤ ᠠᠬᠤᠢ ᠲᠠᠷᠢᠶᠠᠯᠠᠩ ᠤᠨ ᠴᠢᠳᠠᠮᠵᠢᠳᠤ ᠤᠷᠤᠨ ᠤ ᠲᠦᠷᠢᠮ ᠢ ᠬᠡᠷᠡᠭᠵᠢᠬᠦᠯᠤᠨ᠎ᠡ᠃ | ᠭᠤᠤᠯ ᠴᠤᠬᠴᠠ ᠶᠢᠨ ᠴᠢᠳᠠᠮᠵᠢᠳᠤ ᠤᠷᠤᠨ ᠤ ᠪᠠᠶᠢᠯᠳᠤᠬᠤ ᠪᠤᠳᠤᠯᠭ᠎ᠠ ᠶᠢ ᠶᠡᠭᠡ ᠪᠠᠷ ᠬᠡᠷᠡᠭᠵᠢᠬᠦᠯᠵᠤ᠂ ᠮᠠᠯ ᠠᠵᠤ | ᠠᠬᠤᠢ ᠲᠠᠷᠢᠶᠠᠯᠠᠩ ᠤᠨ ᠴᠢᠳᠠᠮᠵᠢᠳᠤ ᠤᠷᠤᠨ ᠤ ᠲᠦᠷᠢᠮ ᠢ ᠨᠠᠶᠢᠳᠠᠪᠤᠷᠢᠵᠢᠭᠤᠯᠤᠨ᠎ᠠ᠃ ᠠᠮᠤ ᠪᠤᠳᠠᠭᠠᠨ ᠤ | ᠦᠢᠯᠡᠳᠪᠤᠷᠢᠯᠡᠯ ᠤᠨ ᠴᠢᠳᠠᠮᠵᠢᠳᠤ ᠤᠷᠤᠨ ᠪᠤᠯᠤᠨ ᠴᠢᠬᠤᠯᠠ ᠲᠠᠷᠢᠶᠠᠯᠠᠩ ᠤᠨ ᠪᠦᠳᠦᠭᠡᠭᠳᠡᠬᠦᠨ ᠤ | ᠦᠢᠯᠡᠳᠪᠤᠷᠢᠯᠡᠯ ᠤᠨ ᠬᠠᠮᠠᠭᠠᠯᠠᠯᠳᠠ ᠶᠢᠨ ᠤᠷᠤᠨ ᠢ ᠵᠠᠭᠠᠬᠯᠠᠨ ᠲᠤᠬᠳᠠᠭᠠᠬᠤ ᠡᠬᠦᠷᠭᠡ ᠶᠢ ᠪᠠᠶᠠᠯᠡᠬᠦᠯᠵᠤ᠂ | ᠤᠨᠴᠠᠯᠢᠬᠳᠤ ᠲᠠᠷᠢᠶᠠᠯᠠᠩ ᠤᠨ ᠪᠦᠳᠦᠭᠡᠭᠳᠡᠬᠦᠨ ᠤ ᠲᠠᠪᠠᠭᠤᠯᠢᠭ ᠲᠠᠢ ᠤᠷᠤᠨ ᠤ ᠪᠦᠳᠦᠭᠡᠨ ᠪᠠᠶᠢᠭᠤᠯᠤᠯᠳᠠ ᠶᠢ | ᠲᠦᠷᠭᠡᠳᠭᠡᠨ᠎ᠡ᠃ ᠮᠠᠯ ᠠᠵᠤ ᠠᠬᠤᠢ ᠲᠠᠷᠢᠶᠠᠯᠠᠩ ᠤᠨ ᠤᠷᠤᠨ ᠪᠦᠰᠡ ᠶᠢᠨ ᠪᠠᠶᠢᠷᠢᠰᠢᠭᠤᠯᠤᠯᠳᠠ ᠶᠢ | ᠰᠢᠯᠢᠳᠡᠭᠵᠢᠬᠦᠯᠵᠤ᠂ ᠵᠡᠬᠦᠨ ᠤᠷᠤᠨ ᠤ ᠡᠷᠳᠡᠨᠢ ᠰᠢᠰᠢ ᠶᠢᠨ ᠲᠠᠪᠠᠭᠤᠯᠢᠭᠳᠤ ᠠᠵᠤ ᠦᠢᠯᠡᠰ ᠤᠨ ᠪᠦᠰᠡ ᠬᠢᠭᠡᠳ | ᠪᠠᠷᠠᠭᠤᠨ ᠤᠷᠤᠨ ᠤ ᠬᠠᠳᠤᠨ ᠭᠤᠤᠯ ᠤᠨ ᠤᠰᠤᠯᠠᠯᠳᠠ ᠶᠢᠨ ᠤᠷᠤᠨ ᠤ ᠡᠷᠳᠡᠨᠢ ᠰᠢᠰᠢ ᠶᠢᠨ ᠲᠠᠪᠠᠭᠤᠯᠢᠭᠳᠤ ᠠᠵᠤ | ᠦᠢᠯᠡᠰ ᠤᠨ ᠪᠦᠰᠡ᠂ ᠬᠠᠳᠤᠨ ᠭᠤᠤᠯ ᠤᠨ ᠤᠰᠤᠯᠠᠯᠳᠠ ᠶᠢᠨ ᠤᠷᠤᠨ ᠲᠠᠭᠠᠤ ᠶᠢᠨ ᠴᠢᠨᠠᠷ ᠰᠠᠶᠢᠳᠠᠢ ᠪᠤᠭᠤᠳᠠᠢ ᠶᠢᠨ | ᠲᠠᠪᠠᠭᠤᠯᠢᠭᠳᠤ ᠤᠷᠤᠨ᠂ ᠮᠤᠨᠢ ᠠᠭᠤᠯᠠ ᠶᠢᠨ ᠠᠷᠤ ᠬᠤᠷᠮᠤᠢ ᠶᠢᠨ ᠲᠦᠮᠤᠰᠤ ᠶᠢᠨ ᠲᠠᠪᠠᠭᠤᠯᠢᠭᠳᠤ ᠤᠷᠤᠨ᠂ | ᠵᠡᠬᠦᠨ ᠬᠤᠶᠢᠳᠤ ᠶᠢᠨ ᠲᠤᠰᠤ ᠶᠡᠭᠡᠳᠠᠢ ᠤᠭᠤᠷᠠᠭ ᠡᠯᠪᠡᠭ ᠰᠢᠷ᠎ᠡ ᠪᠤᠷᠴᠠᠭ ᠤᠨ ᠲᠠᠪᠠᠭᠤᠯᠢᠭᠳᠤ ᠤᠷᠤᠨ᠂ ᠵᠡᠬᠦᠨ | ᠲᠦᠷᠪᠡᠨ ᠠᠶᠢᠮᠠᠭ ᠬᠤᠳᠠ ᠶᠢᠨ ᠴᠢᠨᠠᠷ ᠰᠠᠶᠢᠳᠠᠢ ᠲᠤᠳᠤᠷᠭ᠎ᠠ ᠶᠢᠨ ᠲᠠᠪᠠᠭᠤᠯᠢᠭᠳᠤ ᠤᠷᠤᠨ ᠤ ︽ᠬᠤᠶᠠᠷ ᠪᠦᠰᠡ | ᠲᠦᠷᠪᠡᠨ ᠤᠷᠤᠨ︾ ᠤ ᠪᠦᠳᠦᠭᠡᠨ ᠪᠠᠶᠢᠭᠤᠯᠤᠯᠳᠠ ᠶᠢ ᠭᠤᠤᠯᠳᠠᠯᠭ᠎ᠠ ᠲᠠᠢ ᠠᠬᠢᠭᠤᠯᠤᠨ᠎ᠡ︔ ᠨᠤᠨ ᠮᠦᠷᠡᠨ᠂ | ᠪᠠᠷᠠᠭᠤᠨ ᠯᠢᠶᠤᠤ ᠾᠧ ᠭᠤᠤᠯ᠂ ᠬᠠᠳᠤᠨ ᠭᠤᠤᠯ ᠭᠤᠷᠪᠡᠨ ᠶᠡᠭᠡ ᠰᠠᠪᠠ ᠭᠠᠵᠠᠷ ᠪᠤᠯᠤᠨ ᠬᠦᠯᠤᠨ ᠪᠤᠶᠢᠷ᠂ | ᠰᠢᠯᠢ ᠶᠢᠨ ᠭᠤᠤᠯ ᠬᠤᠶᠠᠷ ᠶᠡᠭᠡ ᠲᠠᠯ᠎ᠡ ᠨᠤᠳᠤᠭ ᠵᠡᠷᠭᠡ ︽ᠲᠠᠪᠤᠨ ᠶᠡᠭᠡ ᠰᠠᠭᠠᠯᠢ ᠶᠢᠨ ᠦᠨᠢᠶ᠎ᠡ ᠲᠡᠵᠢᠭᠡᠨ | ᠦᠷᠡᠵᠢᠬᠦᠯᠬᠦ ᠤᠷᠤᠨ ᠪᠦᠰᠡ︾ ᠶᠢᠨ ᠪᠦᠳᠦᠭᠡᠨ ᠪᠠᠶᠢᠭᠤᠯᠤᠯᠳᠠ᠂ ᠲᠠᠯ᠎ᠡ ᠨᠤᠳᠤᠭ ᠤᠨ ᠮᠠᠯᠵᠢᠬᠤ ᠤᠷᠤᠨ᠂ ᠬᠠᠭᠠᠰ | ᠮᠠᠯᠵᠢᠬᠤ ᠬᠠᠭᠠᠰ ᠲᠠᠷᠢᠶᠠᠯᠠᠬᠤ ᠤᠷᠤᠨ ᠤ ︽ᠭᠤᠷᠪᠡᠨ ᠶᠡᠭᠡ ᠮᠢᠬᠠᠨ ᠤ ᠬᠤᠨᠢ ᠲᠡᠵᠢᠭᠡᠨ ᠦᠷᠡᠵᠢᠬᠦᠯᠬᠦ ᠤᠷᠤᠨ︾ | ᠤ ᠪᠦᠳᠦᠭᠡᠨ ᠪᠠᠶᠢᠭᠤᠯᠤᠯᠳᠠ᠂ ᠲᠤᠮᠳᠠ ᠵᠡᠬᠦᠨ ᠪᠠᠶ᠎ᠠ ᠶᠢᠨ ᠤᠯᠠᠮᠵᠢᠯᠠᠯᠳᠤ ᠮᠢᠬᠠᠨ ᠤ ᠦᠬᠡᠷ ᠲᠡᠵᠢᠭᠡᠨ | ᠦᠷᠡᠵᠢᠬᠦᠯᠬᠦ ᠤᠷᠤᠨ ᠪᠠ ᠪᠠᠷᠠᠭᠤᠨ ᠪᠠᠶ᠎ᠠ ᠶᠢᠨ ᠮᠢᠬᠠᠨ ᠤ ᠦᠬᠡᠷ ᠲᠡᠵᠢᠭᠡᠨ ᠦᠷᠡᠵᠢᠬᠦᠯᠬᠦ ᠤᠷᠤᠨ ᠤ ᠪᠦᠳᠦᠭᠡᠨ | ᠪᠠᠶᠢᠭᠤᠯᠤᠯᠳᠠ᠂ ᠤᠷᠳᠤᠰ ᠬᠤᠳᠠ᠂ ᠪᠠᠶᠠᠨᠨᠠᠭᠤᠷ ᠬᠤᠳᠠ᠂ ᠠᠯᠠᠱᠠ ᠠᠶᠢᠮᠠᠭ ᠤᠨ ᠦᠪᠦᠷ ᠮᠤᠩᠭᠤᠯ ᠤᠨ ᠴᠠᠭᠠᠨ | ᠨᠤᠤᠯᠤᠭᠤᠷᠳᠤ ᠢᠮᠠᠭᠠᠨ ᠤ ᠲᠠᠪᠠᠭᠤᠯᠢᠭᠳᠤ ᠤᠷᠤᠨ ᠤ ᠪᠦᠳᠦᠭᠡᠨ ᠪᠠᠶᠢᠭᠤᠯᠤᠯᠳᠠ ᠶᠢ ᠴᠢᠩᠭᠠᠳᠬᠠᠨ᠎ᠡ᠃ | ︵ᠲᠦᠷᠪᠡ︶ ᠮᠠᠯ ᠠᠵᠤ ᠠᠬᠤᠢ ᠲᠠᠷᠢᠶᠠᠯᠠᠩ ᠤᠨ ᠦᠢᠯᠡᠳᠪᠤᠷᠢᠯᠡᠯ ᠤᠨ ᠬᠦᠴᠦᠨ ᠤ ᠪᠠᠶᠢᠷᠢᠰᠢᠭᠤᠯᠤᠯᠳᠠ ᠶᠢ | ᠰᠢᠯᠢᠳᠡᠭᠵᠢᠬᠦᠯᠤᠨ᠎ᠡ᠃ ᠤᠷᠤᠨ ᠵᠠᠢ ᠶᠢᠨ ᠪᠠᠶᠢᠷᠢᠰᠢᠭᠤᠯᠤᠯᠳᠠ ᠶᠢᠨ ᠡᠬᠢ ᠪᠠᠶᠠᠯᠢᠭ ᠤᠨ ᠪᠤᠷᠤᠭᠤ ᠲᠤᠬᠢᠷᠠᠭᠤᠯᠤᠯᠳᠠ | ᠪᠤᠯᠤᠨ ᠬᠠᠨᠭ᠍ᠭᠠᠯᠭ᠎ᠠ ᠶᠢᠨ ᠤᠷᠤᠨ ᠪᠠᠶᠢᠷᠢ ᠶᠢᠨ ᠪᠤᠷᠤᠭᠤᠳᠠᠬᠤ ᠪᠦᠳᠦᠴᠡ ᠶᠢᠨ ᠴᠢᠨᠠᠷᠳᠠᠢ ᠵᠦᠷᠢᠴᠡᠯ ᠢ | ᠰᠢᠢᠳᠪᠤᠷᠢᠯᠡᠬᠦ ᠶᠢᠨ ᠲᠤᠭᠤᠷᠢᠨ ᠳᠤ ᠵᠠᠬ᠎ᠠ ᠲᠡᠯᠭᠡᠬᠦᠷ ᠤᠨ ᠬᠠᠨᠭ᠍ᠭᠠᠯᠭ᠎ᠠ ᠬᠡᠷᠡᠭᠴᠡᠭᠡ ᠪᠤᠯᠤᠨ ᠡᠬᠢ ᠪᠠᠶᠠᠯᠢᠭ ᠤᠨ | ᠬᠤᠮᠰᠠᠳᠠᠯ ᠤᠨ ᠬᠡᠮᠵᠢᠶ᠎ᠡ ᠶᠢ ᠲᠤᠰᠬᠠᠬᠤ ᠮᠠᠯ ᠠᠵᠤ ᠠᠬᠤᠢ ᠲᠠᠷᠢᠶᠠᠯᠠᠩ ᠤᠨ ᠦᠢᠯᠡᠳᠪᠤᠷᠢᠯᠡᠯ ᠤᠨ ᠬᠦᠴᠦᠨ ᠤ | ᠪᠠᠶᠢᠷᠢᠰᠢᠭᠤᠯᠤᠯᠳᠠ ᠶᠢ ᠴᠢᠷᠮᠠᠶᠢᠨ ᠪᠠᠶᠢᠭᠤᠯᠤᠨ᠎ᠡ᠃ ᠤᠰᠤ ᠬᠦᠷᠦᠰᠤᠨ ᠤ ᠡᠬᠢ ᠪᠠᠶᠠᠯᠢᠭ ᠪᠤᠯᠤᠨ ᠠᠵᠤ | ᠦᠢᠯᠡᠰ ᠤᠨ ᠰᠠᠭᠤᠷᠢ ᠨᠠᠯᠢᠶᠡᠳ ᠰᠠᠶᠢᠨ ᠭᠠᠵᠠᠷ ᠤᠷᠤᠨ ᠤ ᠬᠡᠪᠴᠢᠶᠠᠵᠢᠬᠦᠯᠦᠨ ᠡᠵᠡᠩᠨᠡᠬᠦ᠂ ᠤᠷᠢᠳ ᠢᠶᠠᠷ | ᠬᠦᠭᠵᠢᠬᠦᠯᠬᠦ᠂ ᠮᠠᠯ ᠠᠵᠤ ᠠᠬᠤᠢ ᠲᠠᠷᠢᠶᠠᠯᠠᠩ ᠢ ᠰᠤᠯᠪᠢᠴᠠᠭᠤᠯᠬᠤ᠂ ᠭᠠᠩ ᠬᠠᠭᠤᠷᠠᠢ ᠪᠤᠶᠤ ᠬᠠᠭᠠᠰ ᠭᠠᠩ | ᠬᠠᠭᠤᠷᠠᠢ ᠭᠠᠵᠠᠷ ᠤᠷᠤᠨ ᠤ ᠴᠤᠮᠬᠠᠳᠬᠠᠨ ᠰᠢᠯᠵᠢᠬᠦᠯᠬᠦ᠂ ᠲᠦᠪᠯᠡᠷᠠᠬᠦᠯᠦᠨ ᠬᠦᠭᠵᠢᠬᠦᠯᠬᠦ᠂ ᠠᠮᠢ ᠠᠬᠤᠢ ᠬᠡᠪᠡᠷᠡᠭ | ᠭᠠᠵᠠᠷ ᠤᠷᠤᠨ ᠤ ᠬᠠᠮᠠᠭᠠᠯᠠᠯᠳᠠ ᠶᠢ ᠲᠠᠷᠢᠬᠦᠨ ᠳᠤ ᠲᠠᠯᠪᠢᠬᠤ᠂ ᠬᠢᠵᠠᠭᠠᠷ ᠲᠠᠢ ᠪᠠᠷ ᠨᠡᠭᠡᠭᠡᠨ ᠬᠦᠭᠵᠢᠬᠦᠯᠬᠦ ᠶᠢ | ᠠᠬᠢᠭᠤᠯᠤᠨ᠎ᠡ᠃ ᠬᠦᠳᠡᠭᠡ ᠲᠤᠰᠬᠤᠨ ᠮᠠᠯᠵᠢᠬᠤ ᠤᠷᠤᠨ ᠤ ᠲᠠᠷᠢᠬᠤ᠂ ᠲᠡᠵᠢᠭᠡᠨ ᠦᠷᠡᠵᠢᠬᠦᠯᠬᠦ᠂ ᠰᠠᠭᠤᠷᠢᠰᠢᠬᠤ | ᠵᠡᠷᠭᠡ ᠴᠢᠳᠠᠮᠵᠢ ᠶᠢᠨ ᠪᠠᠶᠢᠷᠢᠰᠢᠭᠤᠯᠤᠯᠳᠠ ᠶᠢ ᠰᠢᠯᠢᠳᠡᠭᠵᠢᠬᠦᠯᠵᠤ᠂ ᠮᠠᠯ ᠠᠵᠤ ᠠᠬᠤᠢ ᠲᠠᠷᠢᠶᠠᠯᠠᠩ ᠤᠨ ᠤᠯᠠᠨ | ᠵᠦᠢᠯ ᠤᠨ ᠴᠢᠳᠠᠮᠵᠢ ᠶᠢ ᠦᠷᠭᠡᠳᠭᠡᠵᠤ᠂ ᠲᠠᠷᠢᠬᠤ ᠲᠠᠵᠢᠭᠡᠨ ᠦᠷᠡᠵᠢᠬᠦᠯᠬᠦ ᠶᠢ ᠤᠶᠠᠯᠳᠤᠭᠤᠯᠤᠬᠰᠡᠨ᠂ ᠠᠮᠢ | ᠠᠬᠤᠢ ᠶᠢᠨ ᠡᠷᠬᠢᠯᠳᠠ᠂ ᠤᠷᠴᠢᠨ ᠲᠤᠭᠤᠷᠢᠨ ᠭᠤᠶᠤ ᠰᠠᠶᠢᠬᠠᠨ ᠬᠦᠳᠡᠭᠡ ᠨᠤᠳᠤᠭ ᠤᠨ ᠠᠮᠢ ᠠᠬᠤᠢ ᠶᠢᠨ | ᠰᠢᠰᠲ᠋ᠧᠮ ᠢ ᠪᠠᠶᠢᠭᠤᠯᠤᠨ᠎ᠡ᠃ ᠪᠤᠰᠤᠳ ᠮᠤᠵᠢ ᠤᠷᠤᠨ ᠬᠤᠳᠠ ᠯᠤᠭ᠎ᠠ ᠶᠢᠨ ᠤᠷᠳᠤ ᠬᠤᠭᠤᠴᠠᠭᠠᠨ ᠤ ᠲᠤᠬᠳᠠᠭᠤᠨ | ᠠᠮᠤ ᠪᠤᠳᠠᠭ᠎ᠠ ᠦᠢᠯᠡᠳᠪᠤᠷᠢᠯᠡᠨ ᠪᠤᠷᠤᠯᠠᠭᠤᠯᠬᠤ ᠬᠠᠮᠳᠤᠷᠠᠯᠴᠠᠭᠠᠨ ᠤ ᠲᠤᠬᠳᠠᠴᠠ ᠶᠢ ᠪᠠᠬᠢᠵᠢᠬᠦᠯᠤᠨ ᠬᠦᠭᠵᠢᠬᠦᠯᠵᠤ᠂ | ᠠᠮᠤ ᠪᠤᠳᠠᠭᠠᠨ ᠤ ᠠᠵᠤ ᠠᠬᠤᠶᠢᠯᠠᠯ ᠪᠤᠯᠤᠨ ᠪᠤᠰᠤᠳ ᠮᠤᠵᠢ ᠤᠷᠤᠨ ᠬᠤᠳᠠ ᠯᠤᠭ᠎ᠠ ᠠᠮᠤ ᠪᠤᠳᠠᠭ᠎ᠠ ᠲᠤᠰᠤ | ᠬᠤᠳᠠᠯᠳᠤᠨ ᠠᠪᠴᠤ ᠪᠤᠷᠤᠯᠠᠭᠤᠯᠬᠤ ᠠᠵᠢᠯ ᠢ ᠦᠷᠨᠢᠬᠦᠯᠵᠤ᠂ ᠤᠷᠤᠨ ᠤ ᠲᠤᠳᠤᠨ᠎ᠡ ᠭᠠᠳᠠᠨᠠᠬᠢ ᠠᠮᠤ ᠪᠤᠳᠠᠭ᠎ᠠ | ᠲᠤᠰᠤ ᠦᠢᠯᠡᠳᠪᠤᠷᠢᠯᠡᠬᠦ᠂ ᠪᠤᠯᠪᠠᠰᠤᠷᠠᠭᠤᠯᠬᠤ᠂ ᠠᠷᠠᠯᠵᠢᠶ᠎ᠡ ᠬᠢᠬᠦ ᠶᠢᠨ ᠤᠨᠢᠨ ᠲᠡᠭᠡᠷ᠎ᠡ ᠨᠢ ᠵᠤᠯᠭᠠᠯᠴᠠᠬᠤ ᠶᠢ | ᠲᠡᠮᠵᠢᠵᠤ᠂ ᠬᠠᠨᠭ᠍ᠭᠠᠯᠭ᠎ᠠ ᠬᠡᠷᠡᠭᠴᠡᠭᠡ ᠶᠢᠨ ᠵᠦᠷᠢᠴᠡᠯ ᠢ ᠰᠢᠢᠳᠪᠤᠷᠢᠯᠡᠨ᠎ᠡ᠃ ᠲᠠᠷᠢᠶᠠᠯᠠᠩ ᠤᠨ ᠠᠳᠠᠷ | ᠬᠠᠭᠠᠯᠪᠤᠷᠢᠯᠠᠯᠳᠠ ᠶᠢᠨ ᠨᠤᠷᠮ᠎ᠡ ᠶᠢᠨ ᠦᠯᠢᠭᠡᠷ ᠲᠠᠭᠤᠷᠢᠶᠠᠯ ᠦᠵᠡᠬᠦᠯᠬᠦ ᠶᠢ ᠵᠤᠷᠢᠬᠵᠢᠭᠤᠯᠵᠤ᠂ ᠲᠠᠷᠢᠶᠠᠯᠠᠩ ᠤᠨ | ᠪᠤᠬᠢᠷᠳᠤᠯ ᠦᠭᠡᠢ ᠬᠦᠭᠵᠢᠬᠦ ᠬᠢᠷᠢ ᠲᠦᠪᠰᠢᠨ ᠢ ᠲᠡᠭᠡᠭᠰᠢᠯᠡᠬᠦᠯᠤᠨ᠎ᠡ᠃ ᠶᠠᠳᠠᠭᠤ ᠬᠦᠴᠢᠷᠳᠠᠯᠳᠠᠢ ᠭᠠᠵᠠᠷ ᠤᠷᠤᠨ ᠤ | ᠡᠬᠢ ᠪᠠᠶᠠᠯᠢᠭ ᠤᠨ ᠲᠠᠪᠠᠭᠤᠯᠢᠭ ᠲᠤ ᠰᠠᠭᠤᠷᠢᠯᠠᠵᠤ᠂ ᠤᠷᠴᠢᠨ ᠲᠤᠭᠤᠷᠢᠨ ᠤ ᠬᠠᠮᠠᠭᠠᠯᠠᠯᠳᠠ ᠶᠢ ᠲᠡᠷᠢᠬᠦᠨ ᠳᠤ | ᠲᠠᠯᠪᠢᠬᠤ ᠶᠢ ᠪᠠᠷᠢᠮᠳᠠᠯᠠᠵᠤ᠂ ᠡᠬᠢ ᠪᠠᠶᠠᠯᠢᠭ ᠤᠨ ᠲᠠᠪᠠᠭᠤᠯᠢᠭ ᠲᠠᠢ ᠤᠨᠴᠠᠯᠢᠬᠳᠤ ᠠᠵᠤ ᠦᠢᠯᠡᠰ ᠢ ᠭᠠᠵᠠᠷ | ᠤᠷᠤᠨ ᠤ ᠪᠠᠶᠢᠳᠠᠯ ᠳᠠᠭᠠᠨ ᠲᠤᠬᠢᠷᠠᠭᠤᠯᠤᠨ ᠰᠤᠩᠭᠤᠵᠤ᠂ ᠠᠵᠤ ᠦᠢᠯᠡᠰ ᠢᠶᠠᠷ ᠤᠨᠢᠨ ᠲᠡᠭᠡᠷ᠎ᠡ ᠨᠢ ᠶᠠᠳᠠᠭᠤ ᠶᠢ | ᠲᠡᠳᠬᠦᠬᠦ ᠶᠢ ᠠᠬᠢᠭᠤᠯᠤᠨ᠎ᠡ᠃ ᠶᠠᠳᠠᠭᠤ ᠬᠦᠴᠢᠷᠳᠠᠯᠳᠠᠢ ᠭᠠᠵᠠᠷ ᠤᠷᠤᠨ ᠤ ᠬᠦᠭᠵᠢᠯᠳᠠ ᠳᠤ ᠭᠠᠵᠠᠷ ᠤᠷᠤᠨ ᠤ | ᠤᠨᠴᠠᠯᠢᠭ ᠪᠦᠬᠦᠢ ᠪᠤᠬᠢᠷᠳᠤᠯ ᠦᠭᠡᠢ ᠪᠦᠳᠦᠭᠡᠭᠳᠡᠬᠦᠨ ᠢ ᠬᠦᠭᠵᠢᠬᠦᠯᠬᠦ ᠶᠢ ᠲᠠᠮᠵᠢᠵᠤ᠂ ᠠᠮᠢ ᠠᠬᠤᠢ ᠤᠷᠴᠢᠨ | ᠲᠤᠭᠤᠷᠢᠨ ᠤ ᠲᠠᠪᠠᠭᠤᠯᠢᠭ ᠢᠶᠠᠨ ᠠᠵᠤ ᠦᠢᠯᠡᠰ ᠤᠨ ᠠᠵᠤ ᠠᠬᠤᠢ ᠶᠢᠨ ᠲᠠᠪᠠᠭᠤᠯᠢᠭ ᠪᠤᠯᠭᠠᠨ ᠬᠤᠪᠢᠷᠠᠭᠤᠯᠵᠤ᠂ | ᠶᠠᠳᠠᠭᠤ ᠬᠦᠴᠢᠷᠳᠠᠯᠳᠠᠢ ᠬᠦᠮᠦᠨ ᠠᠮᠠ ᠶᠢᠨ ᠶᠠᠳᠠᠭᠤ ᠠᠴᠠ ᠠᠩᠭᠢᠵᠢᠷᠠᠵᠤ ᠴᠢᠨᠡᠭᠡᠯᠢᠭᠵᠢᠬᠦ ᠶᠢ ᠲᠠᠶᠢᠴᠢᠯᠠᠨ᠎ᠡ᠃ | ︵ᠲᠠᠪᠤ︶ ᠮᠠᠯ ᠠᠵᠤ ᠠᠬᠤᠢ ᠲᠠᠷᠢᠶᠠᠯᠠᠩ ᠤᠨ ᠡᠬᠢ ᠪᠠᠶᠠᠯᠢᠭ ᠤᠨ ᠤᠷᠴᠢᠨ ᠲᠤᠭᠤᠷᠢᠨ ᠤ ᠬᠠᠮᠢᠶᠠᠷᠤᠯᠳᠠ | ᠡᠵᠡᠮᠳᠡᠯ ᠢ ᠴᠢᠩᠭᠠᠳᠬᠠᠨ᠎ᠡ᠃ ᠲᠠᠷᠢᠶᠠᠨ ᠭᠠᠵᠠᠷ᠂ ᠨᠤᠳᠤᠭ ᠪᠡᠯᠴᠢᠭᠡᠷ᠂ ᠵᠢᠭᠠᠰᠤᠨ ᠠᠵᠤ ᠠᠬᠤᠢ ᠶᠢᠨ ᠤᠰᠤᠨ | ᠤᠷᠤᠨ᠂ ᠨᠤᠭᠤ ᠭᠠᠵᠠᠷ ᠵᠡᠷᠭᠡ ᠶᠢᠨ ᠬᠡᠷᠡᠭᠴᠡᠭᠡ ᠶᠢᠨ ᠬᠠᠮᠢᠶᠠᠷᠤᠯᠳᠠ ᠡᠵᠡᠮᠳᠡᠯ ᠢ ᠴᠢᠩᠭᠠᠳᠬᠠᠨ᠎ᠡ᠃ ᠨᠠᠭᠤᠷ ᠢ | ᠬᠦᠷᠢᠶᠠᠯᠡᠨ ᠲᠠᠷᠢᠶ᠎ᠡ ᠭᠠᠷᠭᠠᠬᠤ᠂ ᠨᠤᠳᠤᠭ ᠪᠡᠯᠴᠢᠭᠡᠷ ᠢ ᠲᠤᠷ᠎ᠡ ᠪᠠᠷ ᠢᠶᠠᠨ ᠬᠠᠭᠠᠯᠪᠤᠷᠢᠯᠠᠬᠤ ᠵᠡᠷᠭᠡ ᠵᠤᠬᠢᠰ ᠦᠭᠡᠢ | ᠨᠡᠭᠡᠭᠡᠨ ᠬᠦᠭᠵᠢᠬᠦᠯᠵᠤ ᠪᠦᠳᠦᠭᠡᠨ ᠪᠠᠶᠢᠭᠤᠯᠬᠤ ᠠᠵᠢᠯᠯᠠᠭ᠎ᠠ ᠶᠢᠨ ᠡᠬᠢ ᠪᠠᠶᠠᠯᠢᠭ ᠤᠨ ᠤᠷᠴᠢᠨ ᠲᠤᠭᠤᠷᠢᠨ ᠢ | ᠡᠪᠳᠡᠬᠦ ᠶᠢ ᠡᠷᠡᠰ ᠴᠠᠭᠠᠵᠠᠯᠠᠨ᠎ᠡ᠃ ᠬᠠᠮᠤᠭ ᠤᠨ ᠴᠢᠩᠭ᠎ᠠ ᠲᠠᠷᠢᠶᠠᠨ ᠭᠠᠵᠠᠷ ᠢ ᠬᠠᠮᠠᠭᠠᠯᠠᠬᠤ ᠲᠦᠷᠢᠮ ᠢ ᠪᠠᠷᠢᠮᠳᠠᠯᠠᠵᠤ᠂ | ᠡᠬᠦᠷᠢᠳᠠ ᠶᠢᠨ ᠴᠢᠨᠠᠷᠳᠠᠢ ᠦᠨᠳᠦᠰᠦᠨ ᠲᠠᠷᠢᠶᠠᠨ ᠭᠠᠵᠠᠷ ᠤᠨ ᠤᠨᠴᠠᠭᠠᠢ ᠬᠠᠮᠠᠭᠠᠯᠠᠯᠳᠠ ᠶᠢᠨ ᠲᠦᠷᠦ ᠶᠢᠨ | ᠪᠤᠳᠤᠯᠭ᠎ᠠ ᠠᠷᠭ᠎ᠠ ᠬᠡᠮᠵᠢᠶ᠎ᠡ ᠶᠢ ᠪᠦᠬᠦ ᠲᠠᠯ᠎ᠡ ᠪᠠᠷ ᠨᠠᠶᠢᠳᠠᠪᠤᠷᠢᠵᠢᠭᠤᠯᠤᠨ᠎ᠡ᠃ ᠠᠵᠤ ᠦᠢᠯᠡᠳᠪᠤᠷᠢ ᠪᠤᠯᠤᠨ ᠬᠤᠳᠠ | ᠪᠠᠯᠭᠠᠰᠤᠵᠢᠯᠳᠠ ᠶᠢᠨ ᠪᠤᠬᠢᠷᠳᠤᠯ ᠤᠨ ᠮᠠᠯ ᠠᠵᠤ ᠠᠬᠤᠢ ᠲᠠᠷᠢᠶᠠᠯᠠᠩ ᠲᠠᠶᠢᠰᠢ ᠰᠢᠯᠵᠢᠬᠦ ᠶᠢ ᠰᠡᠷᠭᠡᠶᠢᠯᠡᠨ ᠡᠵᠡᠮᠳᠡᠬᠦ | ᠲᠤᠬᠳᠠᠴᠠ ᠶᠢ ᠪᠠᠶᠢᠭᠤᠯᠵᠤ᠂ ᠰᠢᠢᠳᠪᠤᠷᠢᠯᠡᠭᠰᠡᠨ ᠦᠭᠡᠢ ᠪᠦᠬᠡᠳ ᠪᠠᠷᠢᠮᠵᠢᠶ᠎ᠡ ᠳᠤ ᠬᠦᠷᠬᠦ ᠦᠭᠡᠢ ᠠᠵᠤ | ᠦᠢᠯᠡᠳᠪᠤᠷᠢ ᠶᠢᠨ ᠪᠠ ᠬᠤᠳᠠ ᠪᠠᠯᠭᠠᠰᠤᠨ ᠤ ᠬᠠᠶᠠᠬᠳᠠᠮᠠᠯ ᠤᠰᠤ ᠪᠤᠬᠢᠷᠳᠤᠭᠤᠯᠬᠤ ᠪᠤᠳᠠᠰ ᠤᠨ ᠲᠠᠷᠢᠶᠠᠨ ᠭᠠᠵᠠᠷ᠂ | ᠨᠤᠳᠤᠭ ᠪᠡᠯᠴᠢᠭᠡᠷ᠂ ᠲᠡᠵᠢᠭᠡᠨ ᠦᠷᠡᠵᠢᠬᠦᠯᠬᠦ ᠤᠰᠤᠨ ᠤᠷᠤᠨ ᠵᠡᠷᠭᠡ ᠮᠠᠯ ᠠᠵᠤ ᠠᠬᠤᠢ ᠲᠠᠷᠢᠶᠠᠯᠠᠩ ᠤᠨ | ᠤᠷᠤᠨ ᠳᠤ ᠤᠷᠤᠬᠤ ᠶᠢ ᠬᠠᠤᠯᠢ ᠶᠤᠰᠤᠭᠠᠷ ᠴᠠᠭᠠᠵᠠᠯᠠᠨ᠎ᠡ᠃ ᠮᠠᠯ ᠵᠢᠬᠦᠷᠳᠡᠨ᠂ ᠤᠰᠤᠨ ᠤ ᠠᠮᠢᠳᠤ ᠪᠤᠳᠠᠰ ᠤᠨ | ᠤᠳᠤᠮᠯᠠᠯ ᠤᠨ ᠡᠬᠢ ᠪᠠᠶᠠᠯᠢᠭ ᠪᠤᠯᠤᠨ ᠮᠠᠯ ᠠᠵᠤ ᠠᠬᠤᠢ ᠲᠠᠷᠢᠶᠠᠯᠠᠩ ᠤᠨ ᠵᠡᠷᠯᠢᠭ ᠠᠮᠢᠳᠠᠨ ᠤᠷᠭᠤᠮᠠᠯ ᠤᠨ ᠡᠬᠢ | ᠪᠠᠶᠠᠯᠢᠭ ᠤᠨ ᠬᠠᠮᠠᠭᠠᠯᠠᠯᠳᠠ ᠠᠰᠢᠬᠯᠠᠯᠳᠠ ᠶᠢ ᠴᠢᠩᠭᠠᠳᠬᠠᠵᠤ᠂ ᠬᠦᠪᠤᠷᠡᠯ ᠤᠨ ᠡᠬᠢ ᠶᠢᠨ ᠬᠦᠮᠦᠷᠭᠡ᠂ ᠮᠠᠯ | ᠵᠢᠬᠦᠷᠳᠠᠨ ᠤ ᠤᠳᠤᠮᠯᠠᠯ ᠤᠨ ᠬᠦᠮᠦᠷᠭᠡ ᠪᠤᠯᠤᠨ ᠡᠬᠢ ᠪᠠᠶᠠᠯᠢᠭ ᠢ ᠬᠠᠮᠠᠭᠠᠯᠠᠬᠤ ᠲᠠᠯᠠᠪᠠᠢ ︵ᠤᠷᠤᠨ᠂ ᠬᠠᠰᠢᠶ᠎ᠡ︶ | ᠶᠢᠨ ᠲᠦᠯᠦᠪᠵᠢᠬᠦᠯᠭᠡ ᠶᠢᠨ ᠪᠦᠳᠦᠭᠡᠨ ᠪᠠᠶᠢᠭᠤᠯᠤᠯᠳᠠ ᠶᠢ ᠲᠦᠷᠭᠡᠳᠭᠡᠵᠤ᠂ ᠵᠡᠷᠯᠢᠭ ᠠᠮᠢᠳᠠᠨ ᠤᠷᠭᠤᠮᠠᠯ ᠤᠨ | ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠤ ᠪᠦᠳᠦᠭᠡᠨ ᠪᠠᠶᠢᠭᠤᠯᠤᠯᠳᠠ ᠶᠢ ᠲᠦᠷᠭᠡᠳᠭᠡᠵᠤ᠂ ᠠᠮᠢᠳᠤ ᠪᠤᠳᠠᠰ ᠤᠨ | ᠤᠯᠠᠨ ᠶᠠᠩᠵᠤᠳᠤ ᠴᠢᠨᠠᠷ ᠢ ᠬᠠᠮᠠᠭᠠᠯᠠᠵᠤ᠂ ᠭᠠᠳᠠᠨ᠎ᠡ ᠠᠴᠠ ᠢᠷᠡᠭᠰᠡᠨ ᠠᠮᠢᠳᠤ ᠪᠤᠳᠠᠰ ᠤᠨ ᠲᠦᠷᠢᠮᠠᠭᠡᠶᠢᠯᠡᠯ ᠢ | ᠪᠦᠳᠦᠮᠵᠢᠳᠠᠢ ᠰᠡᠷᠭᠡᠶᠢᠯᠡᠨ᠎ᠡ᠃ ᠮᠠᠯ ᠠᠵᠤ ᠠᠬᠤᠢ ᠲᠠᠷᠢᠶᠠᠯᠠᠩ ᠤᠨ ᠡᠬᠢ ᠪᠠᠶᠠᠯᠢᠭ ᠪᠤᠯᠤᠨ ᠠᠮᠢ ᠠᠬᠤᠢ ᠤᠷᠴᠢᠨ | ᠲᠤᠭᠤᠷᠢᠨ ᠤ ᠲᠤᠪᠤᠶᠢᠮ᠎ᠡ ᠠᠰᠠᠭᠤᠳᠠᠯ ᠳᠤ ᠴᠢᠭᠯᠡᠬᠦᠯᠵᠤ᠂ ᠬᠤᠰᠢᠭᠤ ᠰᠢᠶᠠᠨ ᠢᠶᠠᠷ ᠨᠢᠭᠡᠴᠢ ᠪᠤᠯᠭᠠᠵᠤ ᠮᠠᠯ ᠠᠵᠤ | ᠠᠬᠤᠢ ᠲᠠᠷᠢᠶᠠᠯᠠᠩ ᠤᠨ ᠠᠵᠤ ᠦᠢᠯᠡᠰ ᠲᠤ ᠤᠷᠤᠬᠤ ᠶᠢ ᠵᠦᠪᠰᠢᠶᠠᠷᠡᠬᠦ ᠨᠠᠵᠠᠭᠠᠢ ᠲᠠᠯ᠎ᠡ ᠶᠢᠨ ᠨᠠᠷᠢᠨ ᠲᠠᠩᠰᠠ ᠶᠢᠨ | ᠲᠦᠷᠢᠮ ᠢ ᠪᠠᠶᠢᠭᠤᠯᠵᠤ᠂ ᠭᠠᠵᠠᠷ ᠤᠷᠤᠨ ᠤ ᠪᠠᠶᠢᠳᠠᠯ ᠳᠠᠭᠠᠨ ᠲᠤᠬᠢᠷᠠᠭᠤᠯᠤᠨ ᠬᠦᠭᠵᠢᠬᠦᠯᠬᠦ ᠶᠢ ᠴᠠᠭᠠᠵᠠᠯᠠᠬᠤ ᠪᠠ | ᠬᠢᠵᠠᠭᠠᠷᠯᠠᠬᠤ ᠠᠵᠤ ᠦᠢᠯᠡᠰ ᠤᠨ ᠭᠠᠷᠴᠠᠭ ᠢ ᠲᠤᠬᠳᠠᠭᠠᠨ᠎ᠡ᠃ ᠮᠠᠯ ᠠᠵᠤ ᠠᠬᠤᠢ ᠲᠠᠷᠢᠶᠠᠯᠠᠩ ᠤᠨ ᠡᠬᠢ ᠪᠠᠶᠠᠯᠢᠭ | ᠤᠷᠴᠢᠨ ᠲᠤᠭᠤᠷᠢᠨ ᠤ ᠠᠮᠢ ᠠᠬᠤᠢ ᠶᠢᠨ ᠬᠢᠨᠠᠨ ᠡᠵᠡᠮᠳᠡᠬᠦ ᠴᠢᠳᠠᠪᠤᠷᠢ ᠶᠢᠨ ᠪᠠᠶᠢᠭᠤᠯᠤᠯᠳᠠ ᠶᠢ ᠴᠢᠩᠭᠠᠳᠬᠠᠵᠤ᠂ | ᠲᠠᠷᠢᠶᠠᠨ ᠭᠠᠵᠠᠷ᠂ ᠨᠤᠳᠤᠭ ᠪᠡᠯᠴᠢᠭᠡᠷ᠂ ᠵᠢᠭᠠᠰᠤᠨ ᠤ ᠦᠢᠯᠡᠰ ᠤᠨ ᠤᠰᠤᠨ ᠤᠷᠤᠨ᠂ ᠭᠠᠷᠤᠯᠳᠠ ᠶᠢᠨ ᠤᠷᠤᠨ ᠤ | ᠤᠷᠴᠢᠨ ᠲᠤᠭᠤᠷᠢᠨ ᠵᠢᠴᠢ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠳᠦᠭᠡᠭᠳᠡᠬᠦᠨ ᠤ ᠦᠢᠯᠡᠳᠪᠤᠷᠢᠯᠡᠯ᠂ ᠵᠠᠬ᠎ᠠ | ᠲᠡᠯᠬᠡᠬᠦᠷ᠂ ᠬᠡᠷᠡᠭᠯᠡᠭᠡᠨ ᠤ ᠮᠡᠳᠡᠭᠡ ᠵᠠᠩᠭᠢ ᠶᠢ ᠬᠢᠨᠡᠨ ᠬᠡᠮᠵᠢᠵᠤ ᠤᠷᠢᠳᠴᠢᠯᠠᠨ ᠰᠡᠷᠡᠮᠵᠢᠯᠡᠬᠦᠯᠬᠦ ᠰᠢᠰᠲ᠋ᠧᠮ ᠢ | ᠪᠠᠶᠢᠭᠤᠯᠤᠨ᠎ᠡ᠃ | ᠭᠤᠷᠪᠠ᠂ ᠡᠬᠢ ᠪᠠᠶᠠᠯᠢᠭ ᠢ ᠬᠠᠮᠠᠭᠠᠯᠠᠬᠤ ᠪᠠ ᠠᠷᠪᠢᠯᠠᠨ ᠭᠠᠮᠨᠠᠵᠤ ᠠᠰᠢᠬᠯᠠᠬᠤ ᠶᠢ ᠴᠢᠩᠭᠠᠳᠬᠠᠨ᠎ᠠ | ︵ᠵᠢᠷᠭᠤᠭ᠎ᠠ︶ ᠲᠠᠷᠢᠶᠠᠨ ᠭᠠᠵᠠᠷ ᠤᠨ ᠬᠠᠮᠠᠭᠠᠯᠠᠯᠳᠠ ᠪᠠ ᠪᠦᠳᠦᠬᠡᠨ ᠪᠠᠶᠢᠭᠤᠯᠤᠯᠳᠠ ᠶᠢ ᠴᠢᠩᠭᠠᠳᠬᠠᠨ᠎ᠠ᠃ | ︽ᠲᠠᠷᠢᠶᠠᠨ ᠭᠠᠵᠠᠷ ᠤᠨ ᠠᠮᠤ ᠪᠤᠳᠠᠭᠠᠨ ᠤ ᠦᠢᠯᠡᠳᠪᠤᠷᠢᠯᠡᠯ ᠤᠨ ᠴᠢᠳᠠᠪᠤᠷᠢ ᠶᠢ ᠪᠠᠳᠤᠯᠠᠵᠤ ᠮᠡᠷᠬᠡᠵᠢᠯ ᠢᠶᠠᠷ ᠠᠮᠤ | ᠪᠤᠳᠠᠭᠠᠨ ᠤ ᠤᠨᠠᠯᠳᠠ ᠶᠢ ᠨᠡᠮᠡᠭᠳᠡᠬᠦᠯᠬᠦ︾ ᠪᠠᠶᠢᠯᠳᠤᠬᠤ ᠪᠤᠳᠤᠯᠭ᠎ᠠ ᠶᠢ ᠪᠦᠬᠦ ᠳᠠᠯ᠎ᠠ ᠪᠠᠷ ᠨᠠᠶᠢᠳᠠᠪᠤᠷᠢᠵᠢᠭᠤᠯᠵᠥ᠂ | ᠲᠠᠷᠢᠶᠠᠨ ᠭᠠᠵᠠᠷ ᠤᠨ ᠦᠨᠳᠦᠰᠦᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠵᠤ᠂ ᠲᠠᠷᠢᠶᠠᠨ ᠭᠠᠵᠠᠷ ᠢ | ᠶᠡᠷᠦᠩᠬᠡᠶᠢᠯᠡᠨ ᠨᠡᠭᠡᠭᠡᠨ ᠠᠰᠢᠬᠯᠠᠬᠤ᠂ ᠭᠠᠵᠠᠷ ᠰᠢᠷᠣᠶ ᠶᠢ ᠴᠡᠭᠴᠡᠯᠡᠨ ᠰᠠᠶᠢᠵᠢᠷᠠᠭᠤᠯᠬᠤ᠂ ᠤᠰᠤ ᠠᠷᠪᠢᠯᠠᠵᠤ ᠦᠷ᠎ᠡ | ᠠᠰᠢᠭ ᠢ ᠨᠡᠮᠡᠭᠳᠡᠭᠦᠯᠬᠦ᠂ ᠵᠠᠭᠤᠨ ᠳ᠋ᠦᠩᠰᠢᠭᠤᠷ ᠵᠢᠩ ᠠᠮᠤ ᠪᠤᠳᠠᠭᠠᠨ ᠤ ᠤᠨᠠᠯᠲᠠ ᠶᠢ ᠨᠡᠮᠡᠭᠳᠡᠭᠦᠯᠬᠦ᠂ ᠬᠤᠵᠢᠷᠯᠢᠬ | ᠭᠠᠵᠠᠷ ᠢ ᠥᠭᠡᠷᠡᠴᠢᠯᠡᠨ ᠪᠠᠶᠢᠭᠤᠯᠬᠤ ᠵᠡᠷᠭᠡ ᠭᠤᠣᠯᠳᠠᠯᠭᠠᠳᠤ ᠢᠨᠵᠧᠨᠧᠷᠢᠩ ᠢ ᠠᠬᠢᠭᠤᠯᠵᠥ᠂ 2020 ᠣᠨ | ᠪᠣᠯᠬᠤ ᠳᠤ᠂ ᠬᠦᠷᠦᠰᠦᠨ ᠳᠣᠣᠷᠠᠬᠢ ᠤᠰᠤ ᠪᠠᠷ ᠤᠰᠤᠯᠠᠬᠤ ᠲᠠᠯᠠᠪᠠᠢ ᠪᠠ ᠤᠰᠤᠯᠠᠯᠲᠠ ᠶᠢᠨ ᠤᠰᠤ ᠬᠡᠷᠡᠭᠯᠡᠬᠦ | ᠬᠡᠮᠵᠢᠶ᠎ᠡ ᠶᠢ ᠨᠡᠮᠡᠭᠳᠡᠭᠦᠯᠬᠦ ᠦᠭᠡᠢ ᠪᠠᠶᠢᠬᠤ ᠤᠷᠢᠲᠠᠯ ᠳᠣᠣᠷ᠎ᠠ᠂ ᠤᠳᠤ ᠶᠢᠨ ᠪᠠᠶᠢᠭ᠎ᠠ ᠲᠠᠷᠢᠶᠠᠨ ᠭᠠᠵᠠᠷ ᠢ | ᠥᠭᠡᠷᠡᠴᠢᠯᠡᠨ ᠰᠢᠨᠡᠳᠬᠡᠵᠦ ᠲᠡᠰ ᠳᠡᠪᠰᠢᠭᠦᠯᠵᠦ᠂ ᠵᠢᠯ ᠪᠦᠷᠢ 500 ᠲᠦᠮᠡᠨ ᠮᠤ᠋ ᠥᠨᠳᠥᠷ ᠪᠠᠷᠢᠮᠵᠢᠶᠠᠲᠤ ᠲᠠᠷᠢᠶᠠᠨ | ᠭᠠᠵᠠᠷ ᠢ ᠪᠦᠳᠦᠬᠡᠵᠥ ᠪᠡᠶᠡᠯᠡᠬᠦᠯᠦᠨ᠎ᠡ᠃ ᠲᠠᠷᠢᠶᠠᠨ ᠭᠠᠵᠠᠷ ᠤᠨ ᠶᠠᠰᠤ ᠴᠢᠨᠠᠷ ᠢ ᠬᠠᠮᠠᠭᠠᠯᠠᠬᠤ ᠪᠠ ᠳᠡᠭᠡᠭᠰᠢᠯᠡᠭᠦᠯᠬᠦ | ᠠᠵᠢᠯᠯᠠᠭ᠎ᠠ ᠥᠷᠨᠢᠭᠦᠯᠵᠦ᠂ ᠬᠠᠷ᠎ᠠ ᠬᠥᠷᠥᠰᠥᠲᠦ ᠰᠢᠷᠣᠶ ᠶᠢ ᠬᠠᠮᠠᠭᠠᠯᠠᠬᠤ ᠲᠦᠷᠢᠮ ᠢ ᠨᠠᠶᠢᠳᠠᠪᠤᠷᠢᠵᠢᠭᠤᠯᠵᠤ᠂ | ᠲᠠᠷᠢᠶᠠᠨ ᠭᠠᠵᠠᠷ ᠤᠨ ᠦᠢᠯᠡᠳᠪᠦᠷᠢᠯᠡᠯ ᠤᠨ ᠴᠢᠳᠠᠪᠤᠷᠢ ᠶᠢ ᠳᠡᠭᠡᠭᠰᠢᠯᠡᠭᠦᠯᠤᠨ᠎ᠠ᠃ ᠲᠠᠷᠢᠶᠠᠨ ᠭᠠᠵᠠᠷ ᠲᠤ ᠰᠡᠯᠬᠦᠨ | ᠲᠠᠷᠢᠬᠤ ᠳᠦᠷᠢᠮ ᠳᠤᠬᠳᠠᠭᠠᠯ ᠭᠠᠷᠭᠠᠵᠤ᠂ ᠲᠠᠷᠢᠶᠠᠨ ᠭᠠᠵᠠᠷ ᠲᠤ ᠰᠡᠯᠬᠦᠨ ᠲᠠᠷᠢᠬᠤ ᠲᠤᠷᠰᠢᠯᠲᠠ ᠶᠢᠨ ᠴᠡᠭ ᠤᠨ | ᠬᠡᠪᠴᠢᠶ᠎ᠡ ᠶᠢ ᠥᠷᠭᠡᠳᠬᠡᠵᠦ᠂ ᠲᠠᠷᠢᠶᠠᠨ ᠭᠠᠵᠠᠷ ᠲᠤ ᠰᠡᠯᠬᠦᠨ ᠳᠠᠷᠢᠬᠤ ᠳᠦᠷᠢᠮ ᠤᠨ ᠪᠠᠶᠢᠩᠭᠤᠵᠢᠯᠳᠠ ᠶᠢ ᠠᠯᠬᠤᠮ | ᠠᠯᠬᠤᠮ ᠢᠶᠠᠷ ᠪᠡᠶᠡᠯᠡᠭᠦᠯᠵᠦ᠂ 2020 ᠣᠨ ᠪᠣᠯᠲᠠᠯ᠎ᠠ ᠨᠡᠶᠢᠲᠡ 1000 ᠲᠦᠮᠡᠨ ᠮᠦ ᠳᠤ ᠬᠦᠷᠬᠡᠨ᠎ᠡ᠃ ᠲᠠᠷᠢᠶᠠᠨ | ᠭᠠᠵᠠᠷ ᠤᠨ ᠶᠠᠰᠤ ᠴᠢᠨᠠᠷ ᠢ ᠬᠢᠨᠠᠨ ᠬᠡᠮᠵᠢᠬᠦ ᠪᠠ ᠵᠡᠷᠭᠡ ᠳᠡᠰ ᠢ ᠦᠨᠡᠯᠡᠬᠦ ᠲᠦᠷᠢᠮ ᠳᠤᠬᠳᠠᠭᠠᠵᠥ᠂ ᠡᠯ᠎ᠡ ᠱᠠᠲᠤᠨ ᠤ | ᠵᠠᠰᠠᠭ ᠤᠨ ᠣᠷᠳᠣᠨ ᠤ ᠲᠠᠷᠢᠶᠠᠨ ᠭᠠᠵᠠᠷ ᠤᠨ ᠶᠠᠰᠤ ᠴᠢᠨᠠᠷ ᠢ ᠬᠢᠨᠠᠨ ᠬᠠᠮᠢᠶᠠᠷᠬᠤ ᠬᠠᠷᠢᠭᠤᠴᠠᠯᠭ᠎ᠠ ᠪᠠ | ᠡᠵᠡᠩᠨᠡᠭᠴᠢ ᠶᠢᠨ ᠲᠠᠷᠢᠶᠠᠨ ᠭᠠᠵᠠᠷ ᠢ ᠬᠠᠮᠠᠭᠠᠯᠠᠬᠤ ᠭᠤᠤᠯ ᠴᠣᠭᠴᠠ ᠶᠢᠨ ᠬᠠᠷᠢᠭᠤᠴᠠᠯᠭ᠎ᠠ ᠶᠢ ᠴᠢᠩᠭᠠᠳᠬᠠᠨ᠎ᠠ᠃ | ︵ᠲᠤᠯᠤᠭ᠎ᠠ︶ ᠨᠤᠲᠤᠭ ᠪᠡᠯᠴᠢᠭᠡᠷ ᠤᠨ ᠠᠮᠢ ᠠᠬᠤᠶ ᠶᠢᠨ ᠬᠠᠮᠠᠭᠠᠯᠠᠯᠲᠠ ᠪᠠ ᠪᠦᠳᠦᠭᠡᠨ ᠪᠠᠶᠢᠭᠤᠯᠤᠯᠳᠠ ᠶᠢ | ᠠᠬᠢᠭᠤᠯᠤᠨ᠎ᠠ᠃ ᠦᠨᠳᠦᠰᠦᠨ ᠨᠤᠲᠤᠭ ᠪᠡᠯᠴᠢᠭᠡᠷ ᠢ ᠬᠠᠮᠠᠭᠠᠯᠠᠬᠤ᠂ ᠮᠠᠯ ᠪᠡᠯᠴᠢᠭᠡᠷ ᠢ ᠲᠡᠩᠴᠡᠭᠦᠷᠢᠰᠢᠬᠦᠯᠬᠦ᠂ | ᠪᠡᠯᠴᠢᠭᠡᠷᠯᠡᠭᠦᠯᠬᠦ ᠶᠢ ᠵᠤᠬᠰᠤᠭᠠᠨ ᠰᠡᠯᠬᠦᠨ ᠮᠠᠯᠵᠢᠬᠤ ᠪᠠ ᠨᠤᠲᠤᠭ ᠪᠡᠯᠴᠢᠭᠡᠷ ᠤᠨ ᠠᠮᠢ ᠠᠬᠤᠶ ᠶᠢᠨ ᠬᠠᠮᠠᠭᠠᠯᠠᠯᠲᠠ ᠶᠢ | ᠬᠢᠨᠠᠨ ᠬᠡᠮᠵᠢᠵᠦ ᠦᠨᠡᠯᠡᠨ ᠵᠢᠱᠢᠬᠦ ᠲᠦᠷᠪᠡᠨ ᠵᠦᠢᠯ ᠤᠨ ᠲᠦᠷᠢᠮ ᠢ ᠴᠢᠩᠭ᠎ᠠ ᠨᠠᠶᠢᠳᠠᠪᠤᠷᠢᠵᠢᠭᠤᠯᠵᠥ᠂ ᠬᠠᠤᠯᠢ ᠶᠢ | ᠵᠥᠷᠢᠴᠡᠨ ᠨᠤᠲᠤᠭ ᠪᠡᠯᠴᠢᠭᠡᠷ ᠢ ᠲᠠᠲᠠᠪᠤᠷᠢᠯᠠᠨ ᠡᠵᠡᠯᠡᠬᠦ ᠥᠢᠯᠡ ᠠᠵᠢᠯᠯᠠᠭ᠎ᠠ ᠶᠢ ᠪᠦᠬᠦ ᠲᠠᠯ᠎ᠠ ᠪᠠᠷ ᠴᠡᠭᠴᠡᠯᠡᠨ | ᠵᠠᠰᠠᠨ᠎ᠠ᠃ ᠪᠠᠶᠢᠭᠠᠯᠢᠯᠢᠬ ᠨᠤᠳᠤᠭ ᠪᠡᠯᠴᠢᠬᠡᠷ ᠲᠤ ᠪᠡᠯᠴᠢᠬᠡᠷᠯᠡᠬᠦᠯᠬᠦ ᠶᠢ ᠵᠤᠬᠰᠤᠭᠠᠨ ᠪᠡᠯᠴᠢᠬᠡᠷ ᠢ ᠰᠡᠷᠬᠦᠬᠡᠬᠦ᠂ | ᠲᠠᠷᠢᠶᠠᠯᠠᠬᠤ ᠶᠢ ᠵᠣᠭᠰᠣᠭᠠᠨ ᠪᠡᠯᠴᠢᠭᠡᠷ ᠢ ᠰᠡᠷᠭᠦᠭᠡᠬᠦ᠂ ᠪᠡᠬᠡᠵᠢᠩ ᠳᠢᠶᠠᠨᠵᠢᠨ ᠤ ᠡᠷᠬᠢᠨ ᠳᠤᠭᠤᠷᠢᠨ ᠤ ᠡᠯᠡᠰᠤ ᠪᠠ | ᠰᠠᠯᠬᠢᠨ ᠤ ᠡᠬᠢ ᠶᠢ ᠵᠠᠰᠠᠬᠤ᠂ ᠨᠢᠭᠡᠨᠲᠡ ᠬᠠᠭᠠᠯᠪᠤᠷᠢᠯᠠᠵᠥ ᠠᠳᠠᠷᠰᠢᠭᠤᠯᠤᠬᠰᠠᠨ ᠨᠤᠲᠤᠭ ᠪᠡᠯᠴᠢᠭᠡᠷ ᠢ ᠵᠠᠰᠠᠬᠤ᠂ | ᠥᠨᠳᠥᠷ ᠤᠨᠠᠯᠲᠠ ᠲᠠᠢ ᠴᠢᠨᠠᠷ ᠰᠠᠶᠢᠲᠠᠶ ᠴᠠᠷᠭᠠᠰᠤ ᠶᠢᠨ ᠵᠢᠱᠢᠶ᠎ᠡ ᠦᠵᠡᠭᠦᠯᠬᠦ ᠰᠠᠭᠤᠷᠢᠨ ᠤ ᠪᠥᠲᠥᠭᠡᠨ | ᠪᠠᠶᠢᠭᠤᠯᠤᠯᠲᠠ ᠵᠡᠷᠭᠡ ᠨᠤᠲᠤᠬ ᠪᠡᠯᠴᠢᠬᠡᠷ ᠢ ᠬᠠᠮᠠᠭᠠᠯᠠᠵᠤ ᠪᠦᠲᠦᠭᠡᠨ ᠪᠠᠶᠢᠭᠤᠯᠬᠤ ᠢᠨᠵᠧᠨᠧᠷᠢᠩ ᠢ ᠬᠦᠴᠦᠯᠡᠨ | ᠠᠬᠢᠭᠤᠯᠵᠥ᠂ 10.2 ᠳ᠋ᠦᠩᠰᠢᠭᠤᠷ ᠮᠥ ᠨᠤᠲᠤᠭ ᠪᠡᠯᠴᠢᠭᠡᠷ ᠤᠨ ᠠᠮᠢ ᠠᠬᠤᠶ ᠶᠢᠨ ᠬᠠᠮᠠᠭᠠᠯᠠᠯᠲᠠ ᠳᠤ ᠨᠥᠬᠦᠪᠥᠷᠢ | ᠪᠠ ᠱᠠᠩᠨᠠᠯ ᠣᠯᠭᠤᠬᠤ ᠲᠦᠷᠦ ᠶᠢᠨ ᠪᠤᠳᠤᠯᠭ᠎ᠠ ᠶᠢᠨ ᠡᠭᠦᠷᠭᠡ ᠶᠢ ᠨᠠᠶᠢᠳᠠᠪᠤᠷᠢᠵᠢᠭᠤᠯᠤᠨ᠎ᠡ᠃ 2020 ᠣᠨ | ᠪᠣᠯᠬᠤ ᠳᠤ᠂ ᠵᠢᠯ ᠤᠨ ᠡᠪᠡᠰᠦ ᠲᠠᠷᠢᠬᠤ ᠲᠠᠯᠠᠪᠠᠢ ᠶᠢ 3000 ᠲᠦᠮᠡᠨ ᠮᠥ ᠠᠴᠠ ᠳᠡᠭᠡᠭᠰᠢ ᠪᠠᠶᠢᠯᠭᠠᠵᠤ᠂ ᠲᠡᠵᠢᠭᠡᠯ | ᠡᠪᠡᠰᠦ ᠬᠥᠬᠡ ᠳᠠᠷᠤᠰᠢ ᠶᠢᠨ ᠡᠩ ᠤᠨ ᠵᠢᠯ ᠤᠨ ᠭᠠᠷᠤᠯᠲᠠ ᠶᠢᠨ ᠬᠡᠮᠵᠢᠶ᠎ᠡ ᠶᠢ 2200 ᠲᠦᠮᠡᠨ ᠲᠣᠨ ᠣᠷᠴᠢᠮ | ᠪᠠᠶᠢᠯᠭᠠᠨ᠎ᠠ᠃ ᠨᠤᠲᠤᠭ ᠪᠡᠯᠴᠢᠭᠡᠷ ᠤᠨ ᠬᠢᠨᠠᠯᠲᠠ ᠬᠠᠮᠢᠶᠠᠷᠤᠯᠲᠠ ᠶᠢᠨ ᠲᠦᠷᠢᠮ ᠢ ᠲᠡᠭᠦᠯᠳᠡᠷᠵᠢᠭᠦᠯᠵᠦ᠂ ᠨᠤᠲᠤᠭ | ᠪᠡᠯᠴᠢᠭᠡᠷ ᠤᠨ ᠬᠢᠨᠠᠯᠲᠠ ᠬᠠᠮᠢᠶᠠᠷᠤᠯᠲᠠ ᠶᠢᠨ ᠰᠢᠰᠲ᠋ᠧᠮ ᠢ ᠪᠦᠷᠢᠨᠰᠢᠬᠦᠯᠵᠥ᠂ ᠪᠡᠯᠴᠢᠭᠡᠷ ᠢ ᠲᠠᠲᠠᠪᠤᠷᠢᠯᠠᠨ ᠡᠵᠡᠩᠨᠡᠵᠥ | ᠬᠡᠷᠡᠭᠯᠡᠬᠦ ᠶᠢ ᠬᠢᠨᠠᠨ ᠬᠠᠷᠭᠤᠭᠤᠯᠵᠤ ᠬᠢᠨᠠᠨ ᠵᠥᠪᠰᠢᠶᠡᠷᠡᠬᠦ ᠬᠠᠮᠢᠶᠠᠷᠤᠯᠲᠠ ᠶᠢ ᠴᠢᠩᠭᠠᠳᠬᠠᠵᠤ᠂ ᠨᠤᠲᠤᠭ | ᠪᠡᠯᠴᠢᠭᠡᠷ ᠤᠨ ᠬᠡᠷᠡᠭᠯᠡᠯᠲᠡ ᠶᠢ ᠬᠠᠮᠢᠶᠠᠷᠬᠤ ᠲᠦᠷᠢᠮ ᠢ ᠨᠠᠶᠢᠳᠠᠪᠤᠷᠢᠵᠢᠭᠤᠯᠤᠨ᠎ᠠ᠃ ᠲᠠᠯ᠎ᠠ ᠨᠤᠳᠤᠭ ᠮᠠᠯᠵᠢᠬᠤ | ᠣᠷᠣᠨ ᠤ ᠥᠭᠡᠷᠡᠴᠢᠯᠡᠯᠲᠡ ᠶᠢ ᠭᠦᠨᠵᠡᠭᠡᠶᠢᠷᠡᠭᠦᠯᠵᠥ᠂ ᠨᠤᠲᠤᠭ ᠪᠡᠯᠴᠢᠭᠡᠷ ᠤᠨ ᠦᠮᠴᠢᠯᠡᠯ ᠤᠨ ᠡᠷᠬᠡ ᠶᠢᠨ ᠳᠦᠷᠢᠮ ᠢ | ᠪᠦᠷᠢᠨᠰᠢᠬᠦᠯᠵᠥ᠂ ᠨᠤᠲᠤᠭ ᠪᠡᠯᠴᠢᠭᠡᠷ ᠤᠨ ᠡᠵᠡᠩᠨᠡᠯᠲᠡ ᠶᠢᠨ ᠡᠷᠬᠡ ᠶᠢ ᠬᠦᠢᠯᠬᠡᠬᠡᠬᠦ ᠶᠢ ᠵᠢᠷᠤᠮᠵᠢᠭᠤᠯᠤᠨ᠎ᠠ᠃ | ︵ ᠨᠠᠢᠮᠨ︶ ᠤᠢ ᠰᠢᠭᠤᠢ ᠪᠠ ᠨᠤᠭᠤ ᠭᠠᠵᠠᠷ ᠤᠨ ᠬᠠᠮᠠᠭᠠᠯᠠᠯᠳᠠ ᠠᠷᠠᠴᠢᠯᠠᠯᠳᠠ ᠶᠢ ᠴᠢᠩᠭᠠᠳᠬᠠᠨ᠎ᠠ᠃ | ᠤᠯᠤᠰ ᠤᠨ ᠨᠤᠲᠤᠭ ᠳᠡᠪᠢᠰᠬᠡᠷ ᠢ ᠨᠣᠭᠤᠭᠠᠷᠠᠭᠤᠯᠬᠤ ᠠᠵᠢᠯᠯᠠᠭ᠎ᠠ ᠶᠢ ᠦᠷᠭᠦᠯᠵᠢᠯᠡᠨ ᠥᠷᠨᠢᠭᠦᠯᠵᠦ᠂ ᠤᠢ | ᠰᠢᠭᠤᠶ ᠶᠢᠨ ᠭᠤᠣᠯᠳᠠᠯᠭᠠᠳᠤ ᠠᠮᠢ ᠠᠬᠤᠶ ᠶᠢᠨ ᠢᠨᠵᠧᠨᠧᠷᠢᠩ ᠢ ᠭᠦᠨᠵᠡᠭᠡᠶ ᠠᠬᠢᠭᠤᠯᠵᠤ᠂ ᠬᠥᠷᠥᠰᠥ ᠰᠢᠷᠣᠶ ᠶᠢᠨ | ᠢᠳᠡᠭᠳᠡᠯ ᠢ ᠶᠡᠷᠦᠩᠬᠡᠶᠢᠯᠡᠨ ᠵᠠᠰᠠᠬᠤ ᠠᠵᠢᠯ ᠢ ᠴᠢᠩᠭᠠᠳᠬᠠᠵᠥ᠂ ᠪᠥᠬᠦ ᠲᠠᠯ᠎ᠠ ᠶᠢ ᠬᠠᠮᠤᠷᠤᠬᠰᠠᠨ᠂ | ᠪᠠᠶᠢᠷᠢᠰᠢᠭᠤᠯᠤᠯᠳᠠ ᠨᠢ ᠵᠦᠢ ᠵᠤᠬᠢᠰᠳᠠᠢ᠂ ᠪᠦᠲᠦᠴᠡ ᠨᠢ ᠰᠢᠯᠢᠳᠡᠭ ᠲᠠᠷᠢᠶᠠᠨ ᠭᠠᠵᠠᠷ ᠤᠨ ᠬᠠᠮᠠᠭᠠᠯᠠᠯᠲᠠ ᠶᠢᠨ | ᠤᠢ ᠶᠢ ᠪᠦᠳᠦᠬᠡᠨ ᠪᠠᠶᠢᠭᠤᠯᠤᠨ᠎ᠡ᠃ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ | ᠪᠤᠳᠤᠯᠭ᠎ᠠ ᠶᠢ ᠬᠡᠷᠡᠭᠵᠢᠭᠦᠯᠬᠦ ᠲᠠᠢ ᠤᠶᠠᠯᠳᠤᠭᠤᠯᠵᠤ᠂ ᠲᠣᠰᠬᠤᠨ ᠪᠠᠯᠭᠠᠰᠤ ᠶᠢᠨ ᠨᠣᠭᠤᠭᠠᠷᠠᠭᠤᠯᠤᠯᠲᠠ ᠶᠢᠨ | ᠡᠷᠴᠢᠮ ᠢ ᠴᠢᠩᠭᠠᠷᠠᠭᠤᠯᠤᠨ᠎ᠠ᠃ ᠨᠤᠭᠤ ᠭᠠᠵᠠᠷ ᠤᠨ ᠬᠠᠮᠠᠭᠠᠯᠠᠯᠲᠠ ᠶᠢ ᠴᠢᠩᠭᠠᠳᠬᠠᠨ᠂ ᠨᠤᠭᠤ ᠭᠠᠵᠠᠷ ᠤᠨ ᠠᠮᠢ | ᠠᠬᠤᠢ ᠶᠢᠨ ᠴᠢᠳᠠᠮᠵᠢ ᠶᠢ ᠲᠠᠰᠤᠷᠠᠯᠲᠠ ᠥᠬᠡᠶ ᠳᠡᠭᠡᠭᠰᠢᠯᠡᠭᠦᠯᠤᠨ᠎ᠡ᠃ | ︵ᠶᠢᠰᠦ︶ ᠭᠤᠤᠯ ᠮᠥᠷᠡᠨ ᠨᠠᠭᠤᠷ ᠴᠥᠭᠦᠷᠥᠮ ᠤᠨ ᠤᠰᠤᠨ ᠣᠷᠣᠨ ᠤ ᠠᠮᠢ ᠠᠬᠤᠶ ᠶᠢᠨ ᠬᠠᠮᠠᠭᠠᠯᠠᠯᠲᠠ ᠶᠢ | ᠴᠢᠩᠭᠠᠳᠬᠠᠨ᠎ᠠ᠃ ᠭᠤᠣᠯ ᠮᠦ᠋ᠷᠡᠨ ᠨᠠᠭᠤᠷ ᠴᠥᠭᠦᠷᠥᠮ ᠤᠨ ᠳᠠᠷᠤᠭ᠎ᠠ ᠶᠢᠨ ᠲᠦᠷᠢᠮ ᠢ ᠪᠦᠬᠦ ᠲᠠᠯ᠎ᠠ ᠪᠠᠷ ᠠᠬᠢᠭᠤᠯᠵᠤ | ᠂ ᠭᠤᠤᠯ ᠮᠥᠷᠡᠨ ᠨᠠᠭᠤᠷ ᠴᠥᠭᠦᠷᠥᠮ ᠤᠨ ᠤᠰᠤᠨ ᠤ ᠰᠢᠰᠲ᠋ᠧᠮ ᠢ ᠶᠡᠷᠦᠩᠬᠡᠶᠢᠯᠡᠨ ᠵᠠᠰᠠᠬᠤ ᠶᠢ ᠠᠬᠢᠭᠤᠯᠵᠥ᠂ | ᠬᠥᠯᠥᠨ ᠨᠠᠭᠤᠷ᠂ ᠤᠯᠠᠭᠠᠨᠰᠤᠬᠠᠢ᠂ ᠲᠠᠭ᠎ᠠ ᠶᠢᠨ ᠨᠠᠭᠤᠷ ᠵᠡᠷᠭᠡ ᠤᠰᠤᠨ ᠤ ᠠᠮᠢ ᠠᠬᠤᠶ ᠣᠷᠴᠢᠨ ᠲᠣᠭᠤᠷᠢᠨ ᠤ | ᠶᠡᠷᠦᠩᠬᠡᠶᠢᠯᠡᠭᠰᠡᠨ ᠵᠠᠰᠠᠯᠳᠠ ᠶᠢ ᠳᠦᠷᠬᠡᠳᠬᠡᠵᠥ᠂ ᠨᠠᠭᠤᠷ ᠪᠦᠷᠢᠳᠤ ᠶᠢᠨ ᠤᠰᠤᠨ ᠣᠷᠣᠨ ᠤ ᠣᠷᠣᠨ ᠵᠠᠢ ᠶᠢᠨ | ᠬᠠᠮᠢᠶᠠᠷᠤᠯᠲᠠ ᠡᠵᠡᠮᠳᠡᠯ ᠢ ᠴᠢᠩᠭᠠᠳᠬᠠᠵᠤ᠂ ᠨᠠᠭᠤᠷ ᠪᠦᠷᠢᠳᠤ ᠶᠢᠨ ᠡᠷᠭᠢ ᠱᠤᠭᠤᠮ ᠤᠨ ᠬᠠᠮᠢᠶᠠᠷᠤᠯᠳᠠ | ᠬᠠᠮᠠᠭᠠᠯᠠᠯᠳᠠ ᠶᠢ ᠴᠢᠩᠭᠠᠷᠠᠭᠤᠯᠤᠨ᠎ᠡ᠃ ᠵᠢᠭᠠᠰᠤᠨ ᠠᠩ ᠴᠠᠭᠠᠵᠠᠯᠠᠬᠤ ᠬᠤᠭᠤᠴᠠᠭ᠎ᠠ᠂ ᠵᠢᠭᠠᠰᠤᠨ ᠠᠩ ᠴᠠᠭᠠᠵᠠᠯᠠᠬᠤ | ᠣᠷᠣᠨ ᠤ ᠳᠦᠷᠢᠮ ᠢ ᠬᠡᠷᠡᠭᠵᠢᠬᠦᠯᠵᠥ᠂ ︽ᠬᠦᠢᠰᠦ ᠲᠡᠮᠲᠡᠷᠢᠬᠦ ᠳᠤᠤᠷ︾ ᠵᠡᠷᠭᠡ ᠬᠠᠤᠯᠢ ᠪᠤᠰᠤ ᠪᠠᠷ ᠠᠩᠨᠠᠵᠤ | ᠱᠦᠭᠦᠬᠦ ᠠᠵᠢᠯᠯᠠᠭ᠎ᠠ ᠳᠤ ᠴᠢᠩᠭ᠎ᠠ ᠴᠣᠬᠢᠯᠲᠠ ᠥᠭᠬᠦᠨ᠎ᠡ᠃ ᠤᠰᠤᠨ ᠤ ᠠᠮᠢᠳᠤ ᠪᠣᠳᠠᠰ ᠤᠨ ᠡᠬᠢ ᠪᠠᠶᠠᠯᠢᠭ ᠢ | ᠦᠷᠡᠵᠢᠭᠦᠯᠦᠨ ᠠᠮᠢᠳᠤᠷᠠᠭᠤᠯᠬᠤ ᠠᠵᠢᠯ ᠢ ᠥᠷᠨᠢᠭᠦᠯᠵᠦ᠂ ᠤᠰᠤᠨ ᠤ ᠠᠮᠢᠳᠤ ᠪᠣᠳᠠᠰ ᠤᠨ ᠡᠬᠢ ᠪᠠᠶᠠᠯᠢᠭ ᠤᠨ | ᠬᠠᠮᠠᠭᠠᠯᠠᠯᠲᠠ ᠶᠢ ᠴᠢᠩᠭᠠᠳᠬᠠᠨ᠎ᠠ᠃ | ︵ᠠᠷᠪᠠ︶ ᠤᠰᠤᠨ ᠤ ᠡᠬᠢ ᠪᠠᠶᠠᠯᠢᠭ ᠢ ᠠᠷᠪᠢᠯᠠᠵᠥ ᠥᠨᠳᠥᠷ ᠪᠦᠲᠦᠮᠵᠢᠲᠡᠶ ᠪᠠᠷ ᠠᠰᠢᠬᠯᠠᠬᠤ ᠶᠢ | ᠠᠬᠢᠭᠤᠯᠤᠨ᠎ᠠ᠃ ᠠᠷᠪᠢᠲᠠᠶ ᠭᠠᠮᠳᠠᠢ ᠪᠥᠭᠡᠳ ᠥᠨᠳᠥᠷ ᠪᠦᠲᠦᠮᠵᠢᠲᠡᠶ ᠲᠠᠷᠢᠶᠠᠯᠠᠩ ᠤᠨ ᠤᠰᠤ ᠬᠡᠷᠡᠭᠯᠡᠬᠦ ᠲᠦᠷᠢᠮ ᠢ | ᠪᠠᠶᠢᠭᠤᠯᠵᠥ᠂ ᠲᠠᠷᠢᠶᠠᠯᠠᠩ ᠳᠤ ᠬᠡᠷᠡᠭᠯᠡᠬᠦ ᠤᠰᠤᠨ ᠤ ᠦᠨ᠎ᠡ ᠬᠠᠩᠰᠢ ᠶᠢᠨ ᠶᠡᠷᠦᠩᠬᠡᠶᠢᠯᠡᠭᠰᠡᠨ ᠥᠭᠡᠷᠡᠴᠢᠯᠡᠯᠲᠡ ᠶᠢ | ᠭᠦᠨᠵᠡᠭᠡᠶ ᠲᠦᠯᠬᠢᠨ ᠠᠬᠢᠭᠤᠯᠵᠤ᠂ ᠲᠠᠷᠢᠶᠠᠯᠠᠩ ᠤᠨ ᠤᠰᠤᠯᠠᠯᠲᠠ ᠶᠢᠨ ᠤᠰᠤ ᠬᠡᠷᠡᠭᠯᠡᠬᠦ ᠶᠡᠷᠦᠩᠬᠡᠶ ᠬᠡᠮᠵᠢᠶ᠎ᠡ ᠶᠢ | ᠡᠵᠡᠮᠳᠡᠬᠦ ᠪᠠ ᠲᠤᠭ᠎ᠠ ᠶᠢ ᠬᠢᠵᠠᠭᠠᠷᠯᠠᠨ ᠬᠠᠮᠢᠶᠠᠷᠬᠤ ᠶᠢ ᠬᠡᠷᠡᠭᠵᠢᠭᠦᠯᠵᠦ᠂ ᠤᠰᠤᠨ ᠤ ᠦᠨ᠎ᠡ ᠬᠠᠩᠰᠢ ᠶᠢᠨ | ᠪᠦᠷᠢᠯᠳᠦᠬᠦ ᠲᠣᠭᠲᠠᠴᠠ᠂ ᠤᠨᠤᠪᠴᠢᠳᠠᠢ ᠨᠦᠬᠦᠪᠦᠷᠢ ᠥᠭᠬᠦ ᠪᠠ ᠤᠰᠤ ᠠᠷᠪᠢᠯᠠᠬᠤ ᠶᠢ ᠱᠠᠩᠨᠠᠬᠤ ᠲᠣᠭᠲᠠᠴᠠ ᠶᠢ | ᠬᠡᠷᠡᠭᠵᠢᠬᠦᠯᠦᠨ᠎ᠡ᠃ ᠲᠠᠷᠢᠶᠠᠯᠠᠩ ᠳᠤ ᠬᠡᠷᠡᠭᠯᠡᠬᠦ ᠤᠰᠤ ᠲᠠᠲᠠᠬᠤ ᠶᠢ ᠵᠥᠪᠰᠢᠶᠡᠷᠡᠬᠦ ᠬᠠᠮᠢᠶᠠᠷᠤᠯᠲᠠ ᠶᠢ ᠴᠢᠩᠭᠠᠷᠠᠭᠤᠯᠵᠤ | ᠂ ᠬᠦᠷᠦᠰᠦᠨ ᠳᠣᠣᠷᠠᠬᠢ ᠤᠰᠤ ᠶᠢ ᠠᠰᠢᠬᠯᠠᠬᠤ ᠶᠢ ᠴᠢᠩᠭ᠎ᠠ ᠬᠢᠵᠠᠭᠠᠷᠯᠠᠵᠥ᠂ ᠬᠦᠷᠦᠰᠦᠨ ᠳᠣᠤᠷᠠᠬᠢ ᠤᠰᠤ ᠶᠢ | ᠬᠡᠲᠦ ᠲᠠᠲᠠᠬᠤ ᠶᠢ ᠵᠠᠰᠠᠬᠤ ᠡᠷᠴᠢᠮ ᠢᠶᠠᠨ ᠴᠢᠩᠭᠠᠷᠠᠭᠤᠯᠤᠨ᠎ᠠ᠃ ᠳᠤᠰᠤᠯᠭᠠᠨ ᠤᠰᠤᠯᠠᠬᠤ ᠵᠡᠷᠭᠡ ᠥᠨᠳᠥᠷ ᠦᠷ᠎ᠡ | ᠪᠦᠲᠦᠮᠵᠢᠲᠡᠶ ᠤᠰᠤ ᠠᠷᠪᠢᠯᠠᠬᠤ ᠤᠰᠤᠯᠠᠯᠲᠠ ᠶᠢᠨ ᠮᠡᠷᠭᠡᠵᠢᠯ ᠢ ᠳᠡᠯᠭᠡᠷᠡᠭᠦᠯᠵᠦ᠂ ᠤᠰᠤ ᠪᠣᠷᠲᠣᠭᠤᠷ ᠢ ᠨᠢᠭᠡ | ᠴᠤᠭᠴᠠᠵᠢᠭᠤᠯᠤᠭᠰᠠᠨ ᠮᠡᠷᠭᠡᠵᠢᠯ ᠢ ᠳᠡᠯᠭᠡᠷᠡᠭᠦᠯᠬᠦ ᠡᠷᠴᠢᠮ ᠢᠶᠠᠨ ᠴᠢᠩᠭᠠᠷᠠᠭᠤᠯᠤᠨ᠎ᠠ᠃ ᠤᠳᠤ ᠶᠢᠨ ᠪᠠᠶᠢᠭ᠎ᠠ ᠲᠤᠮᠤ | ᠳᠤᠮᠳᠠ ᠬᠡᠯᠪᠡᠷᠢ ᠶᠢᠨ ᠤᠰᠤᠯᠠᠯᠲᠠ ᠶᠢᠨ ᠣᠷᠣᠨ ᠤ ᠨᠢᠷᠤᠭᠤᠪᠴᠢ ᠢᠨᠵᠧᠨᠧᠷᠢᠩ ᠤᠨ ᠵᠠᠯᠭᠠᠨ ᠪᠦᠳᠤᠭᠡᠨ | ᠪᠠᠶᠢᠭᠤᠯᠵᠥ ᠢᠵᠢ ᠪᠦᠷᠢᠳᠦᠭᠦᠯᠬᠦ ᠤᠰᠤ ᠠᠷᠪᠢᠯᠠᠬᠤ ᠥᠭᠡᠷᠡᠴᠢᠯᠡᠯᠲᠡ ᠶᠢ ᠴᠢᠩᠭᠠᠳᠬᠠᠵᠥ᠂ ᠵᠢᠵᠢᠭ ᠬᠡᠯᠪᠡᠷᠢ ᠶᠢᠨ | ᠲᠠᠷᠢᠶᠠᠨ ᠭᠠᠵᠠᠷ ᠤᠨ ᠤᠰᠤᠨ ᠠᠰᠢᠬᠯᠠᠯᠲᠠ ᠶᠢᠨ ᠢᠨᠵᠧᠨᠧᠷᠢᠩ ᠤᠨ ᠪᠦᠳᠦᠬᠡᠨ ᠪᠠᠶᠢᠭᠤᠯᠤᠯᠲᠠ ᠪᠠ ᠲᠤᠮᠤ ᠳᠤᠮᠳᠠ | ᠬᠡᠯᠪᠡᠷᠢ ᠶᠢᠨ ᠤᠰᠤᠯᠠᠯᠲᠠ ᠶᠢᠨ ᠣᠷᠣᠨ ᠤ ᠲᠠᠷᠢᠶᠠᠨ ᠭᠠᠵᠠᠷ ᠤᠨ ᠢᠨᠵᠧᠨᠧᠷᠢᠩ ᠢ ᠢᠵᠢ ᠪᠦᠷᠢᠳᠦᠭᠦᠯᠬᠦ ᠶᠢ | ᠴᠢᠩᠭᠠᠷᠠᠭᠤᠯᠤᠨ᠎ᠠ᠃ ᠪᠠᠶᠢᠭᠠᠯᠢ ᠶᠢᠨ ᠬᠤᠷ᠎ᠠ ᠪᠤᠷᠤᠭᠠᠨ ᠢ ᠬᠦᠢᠴᠡᠳ ᠠᠰᠢᠬᠯᠠᠵᠥ᠂ ᠪᠣᠷᠣᠭᠠᠨ ᠢᠶᠠᠷ ᠲᠠᠷᠢᠶ᠎ᠠ ᠶᠢ | ᠰᠢᠮᠡᠵᠢᠬᠦᠯᠬᠦ ᠶᠢ ᠡᠮᠬᠢ ᠵᠢᠷᠤᠮ ᠲᠠᠢ ᠬᠥᠭᠵᠢᠭᠦᠯᠦᠨ᠎ᠡ᠃ | ᠲᠦᠷᠪᠡ᠂ ᠭᠠᠷᠤᠯᠳᠠ ᠶᠢᠨ ᠭᠠᠵᠠᠷ ᠤᠨ ᠤᠷᠴᠢᠨ ᠲᠤᠭᠤᠷᠢᠨ ᠤ ᠬᠠᠮᠠᠭᠠᠯᠠᠯᠳᠠ ᠬᠢᠭᠡᠳ ᠵᠠᠰᠠᠯᠳᠠ ᠶᠢ | ᠴᠢᠩᠭᠠᠳᠬᠠᠨ᠎ᠠ | ︵ᠠᠷᠪᠠᠨ ᠨᠢᠭᠡ︶ ᠮᠠᠯ ᠠᠵᠤ ᠠᠬᠤᠢ ᠲᠠᠷᠢᠶᠠᠯᠠᠩ ᠤᠨ ᠪᠡᠯᠡ ᠤᠷᠤᠭᠤᠯᠤᠯᠳᠠ ᠶᠢᠨ ᠡᠳ᠋ ᠤᠨ ᠶᠠᠪᠤᠳᠠᠯ ᠤᠨ | ᠬᠠᠮᠢᠶᠠᠷᠤᠯᠳᠠ ᠶᠢ ᠴᠢᠩᠭᠠᠳᠬᠠᠨ᠎ᠠ᠃ ᠬᠢᠮᠢ ᠶᠢᠨ ᠪᠤᠷᠳᠤᠭᠤᠷ ᠤᠨ ᠭᠡᠮᠵᠢᠶ᠎ᠠ ᠶᠢ ᠪᠠᠭᠠᠰᠬᠠᠵᠤ ᠦᠷ᠎ᠠ ᠪᠦᠳᠤᠮᠵᠢ ᠶᠢ | ᠠᠬᠢᠭᠤᠯᠵᠤ᠂ ᠵᠢᠯ ᠪᠤᠯᠭᠠᠨ ᠭᠠᠵᠠᠷ ᠰᠢᠷᠤᠢ ᠶᠢ ᠬᠡᠮᠵᠢᠵᠤ ᠨᠠᠶᠢᠷᠠᠭᠤᠯᠵᠤ ᠪᠤᠷᠳᠤᠭ᠎ᠠ ᠤᠷᠤᠭᠤᠯᠬᠤ ᠮᠡᠷᠭᠡᠵᠢᠯ ᠤᠨ | ᠭᠡᠷᠡᠭᠯᠡᠭᠡᠨ ᠢ ᠲᠦᠭᠡᠮᠡᠯᠵᠢᠭᠦᠯᠦᠭᠰᠡᠨ ᠲᠠᠯᠠᠪᠠᠢ ᠶᠢ 9000 ᠲᠦᠮᠡᠨ ᠮᠤ᠋ ᠠᠴᠠ ᠲᠡᠭᠡᠭᠰᠢ᠂ ᠲᠠᠷᠢᠶᠠᠴᠢᠨ ᠠᠶᠢᠯ ᠤᠨ | ᠪᠤᠷᠳᠤᠭ᠎ᠠ ᠶᠢᠨ ᠭᠡᠷᠡᠭᠯᠡᠭᠡᠨ ᠢ 4000 ᠭᠠᠷᠤᠢ ᠲᠦᠮᠡᠨ ᠮᠤ᠋ ᠳᠤ ᠭᠦᠷᠬᠡᠨ᠎ᠠ᠃ ᠲᠠᠷᠢᠶᠠᠨ ᠤᠨ ᠡᠮ ᠤᠨ ᠬᠡᠮᠵᠢᠶ᠎ᠠ ᠶᠢ | ᠪᠠᠭᠠᠰᠬᠠᠵᠤ ᠭᠦᠨᠤᠭᠡᠯ ᠢ ᠡᠵᠡᠮᠳᠡᠭᠦ ᠶᠢ ᠠᠬᠢᠭᠤᠯᠵᠤ᠂ ᠲᠠᠷᠢᠶᠠᠨ ᠡᠮ ᠤᠨ ᠭᠡᠷᠡᠭᠯᠡᠭᠡ ᠶᠢᠨ ᠬᠡᠮᠵᠢᠶ᠎ᠠ ᠶᠢ ᠪᠠᠭᠠᠰᠬᠠᠵᠤ᠂ | ᠲᠠᠷᠢᠶᠠᠨ ᠡᠮ ᠤᠨ ᠠᠰᠢᠬᠯᠠᠮᠵᠢ ᠶᠢ ᠲᠡᠭᠡᠭᠰᠢᠯᠡᠭᠦᠯᠤᠨ᠎ᠠ᠃ ᠪᠤᠷᠳᠤᠭ᠎ᠠ ᠶᠢᠨ ᠨᠡᠮᠡᠯᠳᠠ ᠡᠳ᠋ ᠭᠡᠷᠡᠭᠯᠡᠭᠦ ᠬᠡᠮᠵᠢᠶ᠎ᠠ ᠶᠢ | ᠬᠢᠵᠠᠭᠠᠷᠯᠠᠨ ᠲᠦᠷᠢᠮᠵᠢᠭᠦᠯᠤᠨ᠎ᠠ᠃ ᠮᠠᠯ ᠳᠤ ᠭᠡᠷᠡᠭᠯᠡᠭᠦ ᠪᠠᠺᠲ᠋ᠧᠷᠢ ᠡᠰᠡᠷᠭᠦᠴᠡᠭᠦ ᠡᠮ ᠤᠨ ᠭᠡᠷᠡᠭᠯᠡᠯᠳᠠ ᠶᠢᠨ | ᠭᠡᠮᠵᠢᠶ᠎ᠠ ᠶᠢ ᠪᠠᠭᠠᠰᠬᠠᠬᠤ ᠲᠤᠷᠰᠢᠯᠳᠠ ᠶᠢᠨ ᠴᠡᠭ ᠤᠨ ᠠᠵᠢᠯ ᠢ ᠦᠷᠨᠢᠭᠦᠯᠤᠨ᠎ᠠ᠃ ᠮᠠᠯ ᠠᠵᠤ ᠠᠬᠤᠢ | ᠲᠠᠷᠢᠶᠠᠯᠠᠩ ᠤᠨ ᠪᠡᠯᠡ ᠤᠷᠤᠭᠤᠯᠤᠯᠳᠠ ᠶᠢᠨ ᠪᠤᠳᠠᠰ ᠤᠨ ᠡᠯᠧᠺᠲᠷᠣᠨ ᠨᠡᠭᠡᠮᠵᠢᠯᠳᠠ ᠶᠢᠨ ᠲᠦᠷᠢᠮ ᠢ ᠪᠠᠶᠢᠭᠤᠯᠤᠨ᠎ᠠ᠃ | ᠲᠤᠤᠷ᠎ᠠ ᠬᠤᠷᠤᠭᠳᠠᠯ ᠲᠠᠢ᠂ ᠲᠤᠤᠷ᠎ᠠ ᠦᠯᠡᠳᠡᠭᠳᠠᠯ ᠲᠠᠢ᠂ ᠲᠤᠤᠷ᠎ᠠ ᠪᠤᠬᠢᠷᠲᠤᠯ ᠲᠠᠢ ᠲᠠᠷᠢᠶᠠᠯᠠᠩ ᠮᠠᠯ ᠠᠵᠤ | ᠠᠬᠤᠢ ᠶᠢᠨ ᠪᠤᠳᠠᠰ ᠤᠨ ᠦᠢᠯᠡᠳᠪᠤᠷᠢᠯᠠᠯ ᠢ ᠲᠠᠮᠵᠢᠨ᠎ᠠ᠃ | ︵ᠠᠷᠪᠠᠨ ᠬᠤᠶᠠᠷ︶ ᠠᠮᠢᠳᠠᠨ ᠵᠢᠭᠦᠷᠳᠠᠨ ᠤ ᠲᠡᠵᠢᠭᠡᠪᠤᠷᠢ ᠶᠢᠨ ᠬᠠᠶᠠᠭᠳᠠᠮᠠᠯ ᠪᠤᠳᠠᠰ ᠢ ᠶᠡᠷᠦᠩᠬᠡᠶᠢᠯᠡᠨ | ᠠᠰᠢᠬᠯᠠᠬᠤ ᠶᠢ ᠦᠷᠨᠢᠭᠦᠯᠤᠨ᠎ᠠ᠃ ᠬᠡᠪᠴᠢᠶᠡᠵᠢᠬᠦᠯᠦᠨ ᠲᠡᠵᠢᠭᠡᠨ ᠦᠷᠡᠵᠢᠭᠦᠯᠭᠦ ᠤᠷᠴᠢᠨ ᠲᠤᠭᠤᠷᠢᠨ ᠢ ᠦᠨᠡᠯᠡᠵᠤ | ᠵᠦᠪᠰᠢᠶᠠᠷᠡᠭᠦ ᠲᠦᠷᠢᠮ ᠢ ᠴᠢᠩᠭ᠎ᠠ ᠨᠠᠶᠢᠳᠠᠪᠤᠷᠢᠵᠢᠭᠤᠯᠵᠤ᠂ ᠵᠠᠰᠠᠭ ᠤᠨ ᠤᠷᠳᠤᠨ ᠤ ᠬᠠᠷᠢᠶ᠎ᠠ ᠤᠷᠤᠨ ᠢᠶᠠᠷ ᠨᠢ | ᠬᠠᠮᠢᠶᠠᠷᠬᠤ ᠬᠠᠷᠢᠭᠤᠴᠠᠯᠭ᠎ᠠ ᠪᠤᠯᠤᠨ ᠬᠡᠪᠴᠢᠶᠠᠵᠢᠬᠦᠯᠦᠨ ᠲᠡᠵᠢᠭᠡᠨ ᠦᠷᠡᠵᠢᠭᠦᠯᠭᠦ ᠲᠠᠯᠠᠪᠠᠢ ᠶᠢᠨ ᠭᠤᠤᠯ | ᠴᠤᠭᠴᠠ ᠶᠢᠨ ᠬᠠᠷᠢᠭᠤᠴᠠᠯᠭ᠎ᠠ ᠶᠢ ᠲᠤᠳᠤᠷᠬᠠᠶᠢᠢᠯᠠᠵᠤ᠂ ᠠᠮᠢᠳᠤ ᠭᠠᠭ᠋ᠠᠢ᠂ ᠰᠠᠭᠠᠯᠢ ᠶᠢᠨ ᠦᠨᠢᠶ᠎ᠠ᠂ ᠮᠢᠬᠠᠨ | ᠦᠭᠡᠷ ᠤᠨ ᠭᠤᠤᠯ ᠭᠠᠷᠤᠯᠳᠠ ᠶᠢᠨ 30 ᠬᠤᠰᠢᠭᠤ ᠰᠢᠶᠠᠨ ᠢᠶᠠᠷ ᠭᠤᠤᠯᠳᠠᠯᠭ᠎ᠠ ᠪᠤᠯᠭᠠᠵᠤ᠂ ᠪᠦᠭᠦ ᠤᠷᠤᠨ ᠤ | ᠲᠡᠵᠢᠭᠡᠪᠤᠷᠢ ᠶᠢᠨ ᠭᠦᠷᠢᠶ᠎ᠠ ᠭᠡᠪᠴᠢᠶ᠎ᠠ ᠪᠠᠷ ᠶᠡᠭᠡ ᠬᠤᠰᠢᠭᠤ ᠰᠢᠶᠠᠨ ︵ᠬᠤᠳᠠ᠂ ᠲᠤᠭᠤᠷᠢᠭ︶ ᠳᠤ ᠮᠠᠯ | ᠵᠢᠭᠦᠷᠳᠠᠨ ᠤ ᠰᠠᠩᠭᠠᠰᠤ ᠶᠢᠨ ᠪᠤᠬᠢᠷᠳᠤᠯ ᠤᠨ ᠶᠡᠷᠤᠩᠬᠡᠶᠢᠯᠡᠭᠰᠠᠨ ᠠᠰᠢᠬᠯᠠᠮᠵᠢ ᠶᠢ ᠪᠦᠭᠦ ᠲᠠᠯ᠎ᠠ ᠪᠠᠷ ᠦᠷᠨᠢᠭᠦᠯᠤᠨ᠎ᠠ᠃ | ᠠᠮᠢ ᠠᠬᠤᠢ ᠶᠢᠨ ᠲᠡᠩᠴᠡᠭᠦᠷᠢ ᠶᠢ ᠪᠠᠳᠤᠯᠠᠵᠤ᠂ ᠲᠡᠵᠢᠭᠡᠨ ᠦᠷᠡᠵᠢᠭᠦᠯᠭᠦ ᠤᠷᠴᠢᠨ ᠢ ᠴᠡᠪᠡᠷᠰᠢᠭᠦᠯᠵᠤ᠂ | ᠡᠪᠡᠳᠴᠢᠨ ᠢᠶᠠᠷ ᠦᠭᠦᠭᠰᠡᠨ ᠮᠠᠯ ᠵᠢᠭᠦᠷᠳᠠᠨ ᠢ ᠬᠤᠤᠷ ᠦᠬᠡᠶᠢᠳᠡᠬᠦᠯᠦᠨ ᠰᠢᠢᠳᠪᠤᠷᠢᠯᠡᠭᠦ ᠶᠢ ᠴᠢᠩᠭᠠᠳᠬᠠᠵᠤ᠂ | 2020 ᠤᠨ ᠪᠤᠯᠬᠤ ᠳᠤ ᠮᠠᠯ ᠲᠡᠵᠢᠭᠡᠪᠤᠷᠢ ᠳᠤ ᠭᠡᠷᠡᠭᠯᠡᠭᠦ ᠠᠮᠢᠳᠤ ᠪᠤᠳᠠᠰ ᠤᠨ ᠪᠦᠳᠤᠭᠡᠭᠳᠠᠭᠦᠨ᠂ ᠮᠠᠯ | ᠲᠡᠵᠢᠭᠡᠪᠤᠷᠢ ᠳᠤ ᠭᠡᠷᠡᠭᠯᠡᠭᠦ ᠪᠠᠺᠲ᠋ᠧᠷᠢ ᠡᠰᠡᠷᠭᠦᠴᠡᠭᠦ ᠲᠦᠷᠤᠯ ᠤᠨ ᠲᠦᠭᠦᠭᠡᠢ ᠡᠳ᠋ ᠤᠨ ᠡᠮ ᠤᠨ ᠦᠢᠯᠠᠳᠪᠤᠷᠢᠯᠠᠯ ᠤᠨ | ᠠᠵᠤ ᠠᠬᠤᠶᠢᠢᠯᠠᠯ ᠤᠨ ᠪᠤᠬᠢᠷ ᠤᠰᠤ ᠪᠤᠯᠤᠨ ᠪᠤᠬᠢᠷ ᠪᠤᠳᠠᠰ ᠢ ᠰᠢᠢᠳᠪᠤᠷᠢᠯᠡᠭᠦ ᠬᠢᠨᠠᠯᠲᠠ ᠬᠠᠮᠢᠶᠠᠷᠤᠯᠳᠠ ᠶᠢᠨ | ᠪᠦᠷᠭᠦᠴᠡ ᠶᠢ 100% ᠳᠤ ᠭᠦᠷᠭᠡᠵᠤ᠂ ᠪᠦᠭᠦ ᠤᠷᠤᠨ ᠤ ᠬᠡᠪᠴᠢᠶᠡᠵᠢᠭᠰᠡᠨ ᠲᠡᠵᠢᠭᠡᠨ ᠦᠷᠡᠵᠢᠭᠦᠯᠭᠦ ᠲᠠᠯᠠᠪᠤᠷ ᠤᠨ | ᠪᠤᠷᠳᠤᠭᠤᠷ ᠤᠨ ᠪᠤᠬᠢᠷᠳᠤᠯ ᠢ ᠰᠢᠢᠳᠪᠤᠷᠢᠯᠡᠭᠦ ᠳᠤ ᠭᠡᠷᠡᠭᠯᠡᠬᠦ ᠲᠤᠨᠤᠭ ᠲᠦᠭᠦᠭᠡᠷᠤᠮᠵᠢ ᠶᠢᠨ ᠢᠵᠢ ᠪᠦᠷᠢᠳᠦᠭᠰᠡᠨ | ᠬᠡᠮᠵᠢᠶ᠎ᠠ ᠶᠢ 95% ᠠᠴᠠ ᠲᠡᠭᠡᠭᠰᠢ ᠳᠤ ᠬᠦᠷᠬᠡᠨ᠎ᠠ᠃ | ︵ᠠᠷᠪᠠᠨ ᠭᠤᠷᠪᠠ︶ ᠲᠠᠷᠢᠮᠠᠯ ᠤᠨ ᠡᠰᠢ ᠰᠦᠷᠡᠯ ᠤᠨ ᠶᠡᠷᠤᠩᠭᠡᠶᠢᠯᠡᠨ ᠠᠰᠢᠬᠯᠠᠬᠤ ᠶᠢ ᠴᠢᠩᠭᠠᠳᠬᠠᠨ᠎ᠠ᠃ | ᠡᠰᠢ ᠰᠦᠷᠡᠯ ᠢ ᠭᠠᠯᠳᠠᠨ ᠰᠢᠳᠠᠭᠠᠬᠤ ᠶᠢ ᠬᠤᠷᠢᠬᠯᠠᠬᠤ ᠲᠦᠷᠢᠮ ᠢ ᠬᠠᠤᠯᠢ ᠶᠤᠰᠤ ᠪᠠᠷ ᠴᠢᠩᠭ᠎ᠠ | ᠨᠠᠶᠢᠳᠠᠪᠤᠷᠢᠵᠢᠭᠤᠯᠵᠤ᠂ ᠪᠦᠭᠦ ᠰᠢᠶᠠᠨ ᠳᠤ ᠡᠰᠢ ᠰᠦᠷᠡᠯ ᠤᠨ ᠪᠦᠭᠦ ᠬᠡᠮᠵᠢᠶᠡᠵᠢᠭᠰᠡᠨ ᠶᠡᠷᠤᠩᠭᠡᠢ ᠠᠰᠢᠬᠯᠠᠯᠳᠠ ᠶᠢ | ᠠᠬᠢᠭᠤᠯᠤᠨ᠎ᠠ᠃ ᠲᠠᠷᠢᠮᠠᠯ ᠤᠨ ᠡᠰᠢ ᠰᠦᠷᠡᠯ ᠤᠨ ᠲᠠᠷᠢᠶᠠᠯᠡᠩ ᠤᠨ ᠭᠡᠷᠡᠭᠯᠡᠯᠳᠠ ᠶᠢ ᠲᠡᠷᠢᠭᠦᠨ ᠳᠤ ᠲᠠᠯᠪᠢᠬᠤ | ᠵᠠᠷᠴᠢᠮ ᠢ ᠪᠠᠷᠢᠮᠳᠠᠯᠠᠵᠤ᠂ ᠲᠠᠷᠢᠮᠠᠯ ᠤᠨ ᠪᠤᠳᠠᠰ ᠤᠨ ᠡᠰᠢ ᠰᠦᠷᠡᠯ ᠢ ᠪᠤᠷᠳᠤᠭ᠎ᠠ ᠪᠤᠯᠭᠠᠨ ᠠᠰᠢᠬᠯᠠᠬᠤ ᠶᠢ | ᠴᠢᠬᠤᠯᠠᠴᠢᠯᠠᠨ ᠠᠬᠢᠭᠤᠯᠤᠨ᠎ᠠ᠃ ᠡᠷᠳᠠᠨᠢ ᠶᠢᠨ ᠰᠢᠰᠢ ᠶᠢᠨ ᠬᠦᠬᠡ ᠲᠠᠷᠤᠰᠢ ᠶᠢᠨ ᠭᠦᠷᠢᠶ᠎ᠠ ᠬᠡᠪᠴᠢᠶ᠎ᠠ ᠶᠢ ᠤᠯᠠᠮ | ᠴᠢᠨᠠᠭᠰᠢᠳᠠ ᠦᠷᠭᠡᠳᠭᠡᠵᠤ᠂ ᠬᠦᠬᠡ ᠪᠠᠷ ᠳᠠᠷᠤᠰᠢᠭᠤᠯᠬᠤ᠂ ᠪᠠᠭ᠎ᠠ ᠨᠦᠭᠡᠴᠡᠯᠡᠭᠦ᠂ ᠰᠢᠨ᠎ᠠ ᠰᠤᠷᠭᠤᠭ ᠢᠶᠠᠷ | ᠨᠦᠭᠡᠴᠡᠯᠡᠭᠦ ᠪᠤᠯᠤᠨ ᠨᠠᠶᠢᠷᠠᠭᠤᠯᠤᠬᠰᠠᠨ ᠪᠤᠷᠳᠤᠭ᠎ᠠ ᠦᠢᠯᠡᠳᠪᠤᠷᠢᠯᠡᠭᠦ ᠪᠠᠷ ᠲᠠᠮᠵᠢᠨ᠂ 2020 ᠤᠨ ᠪᠤᠯᠬᠤ ᠳᠤ | ᠪᠦᠭᠦ ᠤᠷᠤᠨ ᠤ ᠡᠰᠢ ᠰᠦᠷᠡᠯ ᠤᠨ 45% ᠤᠷᠴᠢᠮ ᠢ ᠰᠢᠩᠭᠡᠭᠡᠨ ᠬᠡᠷᠡᠭᠯᠡᠨ᠎ᠠ᠃ ᠡᠰᠢ ᠰᠦᠷᠡᠯ ᠢ ᠨᠢᠴᠠᠯᠠᠵᠤ | ᠲᠠᠷᠢᠶᠠᠨ ᠳᠤ ᠤᠷᠤᠭᠤᠯᠬᠤ ᠪᠤᠯᠤᠨ ᠬᠠᠮᠢᠶ᠎ᠠ ᠪᠦᠭᠦᠢ ᠢᠵᠢ ᠪᠦᠷᠢᠳᠦᠭᠰᠡᠨ ᠮᠡᠷᠭᠡᠵᠢᠯ ᠢ ᠢᠳᠡᠪᠬᠢᠳᠠᠢ | ᠲᠦᠭᠡᠮᠡᠯᠵᠢᠭᠦᠯᠵᠤ᠂ ᠨᠦᠭᠦᠪᠤᠷᠢ ᠦᠭᠬᠦ ᠭᠦᠷᠢᠶ᠎ᠠ ᠭᠡᠪᠴᠢᠶ᠎ᠠ ᠶᠢ ᠦᠷᠭᠡᠳᠭᠡᠵᠤ᠂ 2020 ᠤᠨ ᠪᠤᠯᠬᠤ ᠳᠤ ᠪᠦᠭᠦ | ᠤᠷᠤᠨ ᠤ ᠡᠰᠢ ᠰᠦᠷᠡᠯ ᠤᠨ 25% ᠤᠷᠴᠢᠮ ᠢ ᠰᠢᠩᠭᠡᠭᠡᠨ ᠬᠡᠷᠡᠭᠯᠡᠨ᠎ᠠ᠃ ᠲᠠᠷᠢᠮᠠᠯ ᠤᠨ ᠵᠦᠢᠯ ᠤᠨ ᠠᠭᠤᠷᠰᠢᠬᠤ᠂ | ᠬᠠᠳᠠᠭᠤᠵᠢᠬᠤ᠂ ᠲᠦᠭᠦᠭᠡᠢ ᠡᠳ᠋ᠰᠢᠭᠦ ᠦᠢᠯᠡᠳᠪᠤᠷᠢᠯᠡᠯ ᠢ ᠲᠦᠭᠡᠮᠡᠯᠵᠢᠭᠦᠯᠵᠤ᠂ ᠶᠡᠷᠤᠩᠭᠡᠶᠢᠯᠡᠨ ᠠᠰᠢᠬᠯᠠᠬᠤ ᠬᠢᠷᠢ | ᠲᠦᠪᠰᠢᠨ ᠢ ᠲᠡᠭᠡᠭᠰᠢᠯᠡᠭᠦᠯᠤᠨ᠎ᠠ᠃ | ︵ᠠᠷᠪᠠᠨ ᠲᠦᠷᠪᠡ︶ ᠰᠦᠯᠢᠶᠤᠤ ᠪᠦᠷᠭᠦᠪᠴᠢ ᠶᠢᠨ ᠬᠡᠮᠵᠢᠶ᠎ᠠ ᠶᠢ ᠪᠠᠭᠠᠰᠬᠠᠬᠤ ᠪᠤᠯᠤᠨ ᠬᠤᠷᠢᠶᠠᠨ ᠠᠪᠠᠴᠢᠵᠤ | ᠰᠢᠢᠳᠪᠤᠷᠢᠯᠡᠭᠦ ᠶᠢ ᠠᠬᠢᠭᠤᠯᠤᠨ᠎ᠠ᠃ ᠰᠦᠯᠢᠶᠤᠤ ᠪᠦᠷᠭᠦᠪᠴᠢ ᠶᠢᠨ ᠪᠤᠬᠢᠷᠳᠤᠯ ᠢ ᠵᠠᠰᠠᠭ ᠤᠨ ᠤᠷᠳᠤᠨ ᠠᠴᠠ ᠬᠢᠨᠠᠨ | ᠬᠠᠮᠢᠶᠠᠷᠬᠤ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠵᠤ᠂ ︽ᠭᠡᠨ ᠦᠢᠯᠡᠳᠪᠤᠷᠢᠯᠠᠪᠠᠯ ᠭᠡᠨ ᠰᠢᠢᠳᠪᠤᠷᠢᠯᠡᠭᠦ᠂ ᠭᠡᠨ | ᠭᠡᠷᠡᠭᠯᠡᠪᠠᠯ ᠭᠡᠨ ᠬᠤᠷᠢᠶᠠᠨ ᠠᠪᠠᠴᠢᠬᠤ︾ ᠲᠦᠷᠤ ᠶᠢᠨ ᠪᠤᠳᠤᠯᠭ᠎ᠠ ᠶᠢ ᠭᠡᠷᠡᠭᠵᠢᠭᠦᠯᠬᠦ ᠶᠢ ᠰᠦᠪᠡᠭᠴᠢᠯᠡᠨ᠎ᠠ᠃ ︽ | ᠡᠬᠢ ᠡᠭᠦᠰᠤᠯ ᠠᠴᠠ ᠨᠢ ᠬᠡᠮᠵᠢᠶ᠎ᠠ ᠶᠢ ᠪᠠᠭᠠᠰᠬᠠᠬᠤ᠂ ᠶᠠᠪᠤᠴᠠ ᠶᠢ ᠬᠢᠨᠠᠨ ᠡᠵᠡᠮᠳᠠᠭᠦ᠂ ᠡᠴᠤᠰ ᠲᠤᠨᠢ ᠭᠡᠷᠡᠭᠯᠡᠭᠦ︾ | ᠰᠡᠳᠬᠢᠴᠠ ᠶᠤᠰᠤᠭᠠᠷ᠂ ᠤᠰᠤ ᠬᠠᠯᠠᠬᠤ ᠨᠦᠭᠦᠴᠡᠯ ᠢᠶᠠᠷ ᠡᠯᠪᠡᠭ ᠭᠠᠵᠠᠷ ᠤᠷᠤᠨ ᠳᠤ ᠰᠦᠯᠢᠶᠤᠤ ᠪᠦᠷᠭᠦᠪᠴᠢ ᠶᠢ | ᠡᠵᠡᠮᠳᠡᠨ ᠪᠠᠭᠠᠰᠬᠠᠵᠤ᠂ ᠰᠦᠯᠢᠶᠤᠤ ᠪᠦᠷᠭᠦᠪᠴᠢ ᠦᠭᠡᠢ ᠭᠦᠶᠦᠭᠡᠨ ᠪᠤᠯᠠᠵᠤ ᠲᠤᠰᠤᠯᠭᠠᠨ ᠤᠰᠤᠯᠠᠬᠤ᠂ ᠴᠢᠬᠢ | ᠪᠦᠢᠵᠢᠭᠤᠯᠤᠨ ᠨᠡᠭᠦᠯᠭᠡᠨ ᠵᠠᠶᠢᠯᠠᠬᠤ ᠵᠡᠷᠭᠡ ᠮᠡᠷᠭᠡᠵᠢᠯ ᠤᠨ ᠵᠢᠱᠢᠶ᠎ᠠ ᠦᠵᠡᠭᠦᠯᠭᠦ ᠶᠢ ᠲᠦᠭᠡᠮᠡᠯᠵᠢᠭᠦᠯᠭᠦ ᠶᠢ | ᠦᠷᠭᠡᠳᠭᠡᠨ᠎ᠠ᠃ ᠰᠡᠷᠢᠭᠦᠨ ᠭᠦᠢᠳᠠᠨ ᠭᠠᠨᠭ᠌ ᠬᠠᠭᠤᠷᠠᠢ ᠪᠤᠯᠤᠨ ᠬᠤᠵᠢᠷᠯᠢᠭ ᠬᠡᠴᠡᠭᠦᠤ ᠭᠠᠵᠠᠷ ᠤᠷᠤᠨ ᠳᠤ | ᠤᠯᠤᠰ ᠤᠨ ᠰᠢᠨ᠎ᠠ ᠪᠠᠷᠢᠮᠵᠢᠶ᠎ᠠ ᠪᠠᠷ ᠵᠤᠵᠠᠭᠠᠳᠬᠠᠭᠰᠠᠨ ᠰᠦᠯᠢᠶᠤᠤ ᠪᠦᠷᠭᠦᠪᠴᠢ ᠶᠢ ᠬᠠᠤᠯᠢ ᠶᠤᠰᠤᠭᠠᠷ | ᠠᠯᠪᠠᠳᠠᠭᠠ ᠪᠠᠷ ᠭᠡᠷᠡᠭᠯᠡᠵᠤ᠂ ᠰᠦᠯᠢᠶᠤᠤ ᠪᠦᠷᠭᠦᠪᠴᠢ ᠶᠢᠨ ᠪᠤᠴᠠᠭᠠᠨ ᠬᠤᠷᠢᠶᠠᠬᠤ ᠨᠤᠷᠮ᠎ᠠ ᠶᠢ ᠲᠡᠭᠡᠭᠰᠢᠯᠡᠭᠦᠯᠵᠤ᠂ | ᠠᠵᠤ ᠠᠬᠤᠶᠢᠯᠠᠯ ᠤᠨ ᠰᠢᠨ᠎ᠠ ᠬᠠᠭᠤᠴᠢᠨ ᠰᠦᠯᠢᠶᠤᠤ ᠪᠦᠷᠭᠦᠪᠴᠢ ᠶᠢ ᠲᠠᠬᠢᠨ ᠭᠡᠷᠡᠭᠯᠡᠭᠦ ᠶᠢ ᠲᠡᠮᠵᠢᠨ᠎ᠠ᠃ ᠪᠦᠭᠦ | ᠠᠮᠢᠳᠤ ᠪᠤᠳᠠᠰ ᠤᠨ ᠠᠶᠠᠨᠳᠠᠭᠠᠨ ᠵᠠᠳᠠᠷᠠᠬᠤ ᠰᠦᠯᠢᠶᠤᠤ ᠪᠦᠷᠭᠦᠪᠴᠢ ᠶᠢᠨ ᠲᠤᠷᠰᠢᠯᠳᠠ ᠶᠢᠨ ᠵᠢᠱᠢᠶ᠎ᠠ ᠶᠢ | ᠦᠷᠨᠢᠭᠦᠯᠵᠤ᠂ 2020 ᠤᠨ ᠪᠤᠯᠬᠤ ᠳᠤ᠂ ᠪᠦᠭᠦ ᠤᠷᠤᠨ ᠤ ᠰᠦᠯᠢᠶᠤᠤ ᠪᠦᠷᠭᠦᠪᠴᠢ ᠶᠢᠨ ᠦᠯᠡᠳᠡᠭᠳᠠᠯ ᠢ ᠬᠢᠨᠠᠨ | ᠬᠡᠮᠵᠢᠬᠦ ᠴᠡᠭ ᠢ 100 ᠪᠠᠶᠢᠭᠤᠯᠵᠤ᠂ ᠰᠦᠯᠢᠶᠤᠤ ᠪᠦᠷᠭᠦᠪᠴᠢ ᠶᠢᠨ ᠪᠤᠴᠠᠭᠠᠨ ᠬᠤᠷᠢᠶᠠᠬᠤ ᠠᠵᠢᠯᠯᠠᠭ᠎ᠠ ᠶᠢᠨ | ᠵᠢᠱᠢᠶ᠎ᠠ ᠦᠵᠡᠭᠦᠯᠭᠦ ᠬᠤᠰᠢᠭᠤ ᠰᠢᠶᠠᠨ ︵ᠬᠤᠳᠠ᠂ ᠲᠤᠭᠤᠷᠢᠭ︶ ᠤ ᠲᠤᠰ ᠤᠯᠠᠷᠢᠯ ᠤᠨ ᠪᠤᠴᠠᠭᠠᠨ ᠬᠤᠷᠢᠶᠠᠬᠤ | ᠨᠤᠷᠮ᠎ᠠ ᠶᠢ 85% ᠳᠤ ᠬᠦᠷᠬᠡᠨ᠎ᠠ᠃ | ᠲᠠᠪᠤ᠂ ᠪᠤᠬᠢᠷᠳᠤᠯ ᠦᠭᠡᠢ ᠠᠵᠤ ᠦᠢᠯᠡᠰ ᠢ ᠪᠦᠢᠵᠢᠭᠤᠯᠤᠨᠠ | ︵ᠠᠷᠪᠠᠨ ᠲᠠᠪᠤ︶ ᠮᠠᠯ ᠠᠵᠤ ᠠᠬᠤᠢ ᠲᠠᠷᠢᠶᠠᠯᠠᠩ ᠤᠨ ᠦᠢᠯᠡᠳᠪᠤᠷᠢᠯᠡᠯ ᠤᠨ ᠪᠠᠷᠢᠮᠵᠢᠶᠠᠵᠢᠭᠤᠯᠤᠯᠳᠠ ᠶᠢ | ᠠᠬᠢᠭᠤᠯᠤᠨ᠎ᠠ᠃ ᠮᠠᠯ ᠠᠵᠤ ᠠᠬᠤᠢ ᠲᠠᠷᠢᠶᠠᠯᠠᠩ ᠤᠨ ᠪᠤᠬᠢᠷᠳᠤᠯ ᠦᠭᠡᠢ ᠭᠦᠭᠵᠢᠯᠳᠠ ᠯᠦᠭᠡ ᠵᠤᠬᠢᠴᠠᠯᠳᠤᠬᠤ ᠦᠭᠡᠢ | ᠪᠠᠷᠢᠮᠵᠢᠶ᠎ᠠ ᠪᠤᠯᠤᠨ ᠠᠵᠢᠯ ᠲᠦᠷᠤᠯ ᠤᠨ ᠲᠦᠷᠢᠮᠵᠢᠯ ᠢ ᠠᠷᠢᠯᠭᠠᠨ ᠵᠤᠭᠰᠤᠭᠠᠵᠤ᠂ ᠮᠠᠯ ᠠᠵᠤ ᠠᠬᠤᠢ | ᠲᠠᠷᠢᠶᠠᠯᠠᠩ ᠤᠨ ᠦᠢᠯᠡᠳᠪᠤᠷᠢᠯᠠᠯ ᠤᠨ ᠪᠠᠷᠢᠮᠵᠢᠶᠠᠵᠢᠭᠤᠯᠬᠤ ᠠᠵᠢᠯᠯᠠᠭ᠎ᠠ ᠶᠢᠨ ᠲᠦᠯᠤᠪᠯᠡᠭᠡ ᠶᠢ ᠭᠡᠷᠡᠭᠵᠢᠭᠦᠯᠵᠤ᠂ | ᠡᠷᠳᠠᠨᠢ ᠰᠢᠰᠢ᠂ ᠲᠦᠮᠤᠰᠤ᠂ ᠰᠢᠷ᠎ᠠ ᠪᠤᠷᠴᠠᠭ᠂ ᠪᠤᠭᠤᠳᠠᠢ᠂ ᠤᠰᠤᠨ ᠲᠤᠳᠤᠷᠭ᠎ᠠ᠂ ᠨᠠᠷᠠᠨ ᠬᠤᠸᠠᠷ᠂ ᠮᠢᠬᠠᠨ ᠤ | ᠦᠭᠡᠷ᠂ ᠮᠢᠬᠠᠨ ᠤ ᠬᠤᠨᠢ᠂ ᠰᠠᠭᠠᠯᠢ ᠶᠢᠨ ᠦᠨᠢᠶ᠎ᠠ᠂ ᠠᠮᠢᠳᠤ ᠭᠠᠭ᠋ᠠᠢ᠂ ᠮᠤᠷᠢ ᠵᠡᠷᠭᠡ 11 ᠲᠠᠪᠠᠭᠤᠯᠢᠭᠳᠤ ᠠᠵᠤ | ᠦᠢᠯᠠᠰ ᠤᠨ ᠲᠤᠭᠤᠷᠢᠨ ᠳᠤ ᠭᠤᠤᠯᠴᠢᠯᠠᠵᠤ᠂ ᠨᠢᠭᠡ ᠪᠦᠯᠦᠭ ᠪᠤᠬᠢᠷᠳᠤᠯ ᠦᠭᠡᠢ ᠲᠠᠷᠢᠵᠤ ᠲᠡᠵᠢᠭᠡᠭᠦ ᠴᠢᠨᠠᠷ | ᠰᠠᠶᠢᠳᠠᠢ ᠪᠠᠷᠢᠮᠵᠢᠶ᠎ᠠ ᠶᠢ ᠲᠤᠭᠳᠠᠭᠠᠨ ᠲᠦᠭᠡᠮᠡᠯᠵᠢᠭᠦᠯᠵᠤ᠂ 2020 ᠪᠤᠯᠬᠤ ᠳᠤ ᠰᠢᠨ᠎ᠠ ᠪᠠᠷ ᠨᠡᠮᠡᠭᠳᠡᠭᠰᠠᠨ | ᠲᠠᠷᠢᠮᠠᠯ ᠤᠨ ᠪᠤᠳᠠᠰ ᠤᠨ ᠪᠠᠷᠢᠮᠵᠢᠶᠠᠵᠢᠭᠰᠠᠨ ᠦᠢᠯᠡᠳᠪᠤᠷᠢᠯᠡᠯ ᠤᠨ ᠲᠠᠯᠠᠪᠠᠢ ᠶᠢ 3000 ᠲᠦᠮᠡᠨ ᠮᠤ᠋ ᠳᠤ ᠭᠦᠷᠭᠡᠵᠤ | ᠂ ᠪᠠᠷᠢᠮᠵᠢᠶᠠᠵᠢᠭᠰᠠᠨ ᠦᠢᠯᠡᠳᠪᠤᠷᠢᠯᠠᠯ ᠮᠡᠷᠭᠡᠵᠢᠯ ᠤᠨ ᠪᠦᠷᠭᠦᠴᠡ ᠶᠢᠨ ᠨᠤᠷᠮ᠎ᠠ ᠶᠢ 60% ᠠᠴᠠ ᠲᠡᠭᠡᠭᠰᠢ ᠳᠤ | ᠭᠦᠷᠭᠡᠨ᠎ᠠ︔ ᠮᠠᠯ ᠠᠵᠤ ᠠᠬᠤᠢ ᠶᠢᠨ ᠶᠡᠭᠡ ᠰᠢᠶᠠᠨ ᠢᠶᠠᠷ ᠭᠤᠤᠯ ᠪᠤᠯᠭᠠᠭᠰᠠᠨ ᠪᠠᠷᠢᠮᠵᠢᠶᠠᠵᠢᠭᠰᠠᠨ | ᠦᠢᠯᠡᠳᠪᠤᠷᠢᠯᠠᠯ ᠤᠨ ᠰᠠᠭᠤᠷᠢᠨ ᠤ ᠲᠡᠵᠢᠭᠡᠪᠤᠷᠢ ᠶᠢ 5000 ᠲᠦᠮᠡ ᠭᠠᠷᠤᠢ ᠳᠤ ᠭᠦᠷᠭᠡᠵᠤ᠂ ᠪᠠᠷᠢᠮᠵᠢᠶᠠᠵᠢᠭᠰᠠᠨ | ᠦᠢᠯᠡᠳᠪᠤᠷᠢᠯᠡᠯ ᠤᠨ ᠢᠵᠢ ᠪᠦᠷᠢᠳᠦᠭᠰᠡᠨ ᠮᠡᠷᠭᠡᠵᠢᠯ ᠤᠨ ᠪᠦᠷᠭᠦᠴᠡ ᠶᠢᠨ ᠨᠤᠷᠮ᠎ᠠ ᠶᠢ 60% ᠭᠠᠷᠤᠢ ᠳᠤ | ᠭᠦᠷᠭᠡᠨ᠎ᠠ᠃ ᠤᠯᠠᠨ ᠵᠦᠢᠯ ᠤᠨ ᠬᠡᠯᠪᠡᠷᠢ ᠶᠢᠨ ᠲᠤᠬᠢᠷᠠᠮᠵᠢᠳᠠᠢ ᠬᠡᠪᠴᠢᠶᠠᠵᠢᠭᠰᠡᠨ ᠡᠵᠡᠩᠨᠡᠯᠳᠠ ᠶᠢ ᠭᠦᠭᠵᠢᠭᠦᠯᠭᠦ ᠶᠢ | ᠲᠡᠮᠵᠢᠵᠤ᠂ ᠲᠠᠭᠠᠭᠤᠯᠤᠭᠴᠢ ᠠᠵᠤ ᠠᠬᠤᠶᠢᠯᠠᠯ ᠪᠤᠯᠤᠨ ᠮᠠᠯᠵᠢᠨ ᠲᠠᠷᠢᠶᠠᠴᠢᠳ ᠤᠨ ᠬᠤᠷᠰᠢᠬᠰᠠᠨ ᠵᠤᠬᠢᠶᠠᠨ | ᠪᠠᠶᠢᠭᠤᠯᠤᠯᠳᠠ ᠶᠢ ᠲᠤᠭᠳᠠᠭᠠᠵᠤ᠂ ᠠᠵᠤ ᠠᠬᠤᠶᠢᠢᠯᠠᠯ ᠤᠨ ᠪᠠᠷᠢᠮᠵᠢᠶ᠎ᠠ ᠶᠢ ᠵᠠᠰᠠᠨ ᠲᠤᠭᠳᠠᠭᠠᠵᠤ᠂ ᠮᠠᠯᠴᠢᠨ | ᠲᠠᠷᠢᠶᠠᠴᠢᠳ ᠤᠨ ᠪᠠᠷᠢᠮᠵᠢᠶ᠎ᠠ ᠶᠤᠰᠤᠭᠠᠷ ᠦᠢᠯᠡᠳᠪᠤᠷᠢᠯᠡᠭᠦ ᠶᠢ ᠲᠠᠶᠢᠴᠢᠯᠠᠵᠤ᠂ ᠤᠷᠤᠨ ᠪᠦᠰᠡ ᠶᠢᠨ ᠲᠠᠪᠠᠭᠤᠯᠢᠬ | ᠤᠨᠴᠠᠯᠢᠭ ᠲᠠᠢ ᠨᠡᠷᠡᠳᠤ ᠪᠦᠳᠤᠭᠡᠭᠳᠠᠭᠦᠨ ᠢ ᠪᠦᠢᠵᠢᠭᠤᠯᠤᠨᠠ᠃ | ︵ᠠᠷᠪᠠᠨ ᠵᠢᠷᠭᠤᠭ᠎ᠠ︶ ᠪᠤᠬᠢᠷᠲᠤᠯ ᠦᠭᠡᠢ ᠮᠠᠯ ᠠᠵᠤ ᠠᠬᠤᠢ ᠲᠠᠷᠢᠶᠠᠯᠠᠩ ᠤᠨ ᠲᠦᠷᠦᠯ ᠲᠡᠮᠲᠡᠭ ᠢ | ᠪᠤᠶᠢᠵᠢᠭᠤᠯᠤᠨ᠎ᠠ᠃ ᠦᠪᠦᠷ ᠮᠤᠩᠭᠤᠯ ᠤᠨ ᠮᠠᠯ ᠠᠵᠤ ᠠᠬᠤᠢ ᠲᠠᠷᠢᠶᠠᠯᠠᠩ ᠤᠨ ᠲᠦᠷᠦᠯ ᠲᠡᠮᠲᠡᠭ ᠢ ᠳᠡᠭᠡᠭᠰᠢᠯᠡᠭᠦᠯᠬᠦ | ᠠᠵᠢᠯᠯᠠᠭᠠᠨ ᠤ ᠲᠦᠯᠦᠪᠯᠡᠭᠡ ᠶᠢ ᠬᠡᠷᠡᠭᠵᠢᠭᠦᠯᠵᠦ᠂ ᠲᠦᠷᠦᠯ ᠲᠡᠮᠲᠡᠭ ᠢ ᠴᠤᠬᠴᠠᠯᠠᠬᠤ ᠶᠢ ᠠᠮᠤ ᠪᠤᠳᠠᠭᠠᠨ ᠤ | ᠭᠠᠷᠤᠯᠲᠠ ᠶᠢᠨ ᠴᠢᠳᠠᠮᠵᠢᠲᠤ ᠤᠷᠤᠨ᠂ ᠴᠢᠬᠤᠯᠠ ᠲᠠᠷᠢᠶᠠᠯᠠᠩ ᠤᠨ ᠪᠦᠲᠦᠭᠡᠭᠳᠡᠭᠦᠨ ᠤ ᠬᠠᠮᠠᠭᠠᠯᠠᠯᠲᠠ ᠶᠢᠨ ᠤᠷᠤᠨ᠂ | ᠤᠨᠴᠠᠯᠢᠬᠲᠤ ᠲᠠᠷᠢᠶᠠᠯᠠᠩ ᠤᠨ ᠪᠦᠲᠦᠭᠡᠭᠳᠡᠭᠦᠨ ᠤ ᠳᠠᠪᠠᠭᠤᠯᠢᠭ ᠤᠷᠤᠨ ᠢ ᠪᠦᠲᠦᠭᠡᠨ ᠪᠠᠶᠢᠭᠤᠯᠬᠤ ᠵᠢᠴᠢ ᠪᠤᠬᠢᠷᠲᠤᠯ | ᠦᠭᠡᠢ᠂ ᠤᠷᠭᠠᠨᠢᠭ ᠵᠡᠷᠭᠡ ᠪᠦᠲᠦᠭᠡᠭᠳᠡᠬᠦᠨ ᠤ ᠭᠡᠷᠡᠴᠢᠯᠡᠭᠡ ᠲᠠᠢ ᠤᠶᠠᠯᠳᠤᠭᠤᠯᠵᠤ᠂ ᠲᠦᠷᠦᠯ ᠲᠡᠮᠲᠡᠭ ᠢ | ᠤᠬᠠᠭᠤᠯᠤᠨ ᠲᠠᠨᠢᠯᠴᠠᠭᠤᠯᠬᠤ᠂ ︽ᠨᠠᠶᠢᠳᠡ ᠳᠤ ᠬᠤᠤᠷᠳᠤᠯ ᠦᠬᠡᠢ ᠮᠠᠯ ᠤᠨ ᠠᠰᠢᠭ ᠰᠢᠮ᠎ᠠ ᠲᠠᠷᠢᠶᠠᠯᠠᠩ ᠤᠨ | ᠪᠦᠲᠦᠭᠡᠭᠳᠡᠬᠦᠨ᠂ ᠪᠤᠬᠢᠷᠲᠤᠯ ᠦᠭᠡᠢ ᠢᠳᠡᠭᠡᠨ᠂ ᠤᠷᠭᠠᠨᠢᠭ ᠮᠠᠯ ᠤᠨ ᠠᠰᠢᠭ ᠰᠢᠮ᠎ᠠ ᠲᠠᠷᠢᠶᠠᠯᠠᠩ ᠤᠨ | ᠪᠦᠲᠦᠭᠡᠭᠳᠡᠭᠦᠨ ᠪᠤᠯᠤᠨ ᠮᠠᠯ ᠤᠨ ᠠᠰᠢᠭ ᠰᠢᠮ᠎ᠠ ᠲᠠᠷᠢᠶᠠᠯᠠᠩ ᠤᠨ ᠪᠦᠲᠦᠭᠡᠭᠳᠡᠬᠦᠨ ᠤ ᠭᠠᠵᠠᠷ ᠵᠦᠢ ᠶᠢᠨ | ᠢᠯᠡᠷᠬᠡᠶᠢᠯᠡᠯ︾ ᠤᠨ ᠪᠠᠶᠢᠭᠤᠯᠤᠯᠲᠠ᠂ ᠭᠠᠷᠤᠯᠲᠠ ᠶᠢᠨ ᠤᠷᠤᠨ ᠢ ᠮᠦᠷᠳᠡᠬᠦ᠂ ᠮᠠᠯ ᠤᠨ ᠠᠰᠢᠭ ᠰᠢᠮ᠎ᠠ | ᠲᠠᠷᠢᠶᠠᠯᠠᠩ ᠤᠨ ᠪᠦᠲᠦᠭᠡᠭᠳᠡᠬᠦᠨ ᠤ ᠡᠳ᠋ᠰᠢᠭᠦᠯᠦᠯᠲᠠ ᠶᠢᠨ ᠦᠢᠯᠡᠰ ᠢ ᠳᠡᠭᠡᠭᠰᠢᠯᠡᠭᠦᠯᠬᠦ ᠪᠤᠯᠤᠨ ᠪᠤᠬᠢᠷᠲᠤᠯ ᠦᠭᠡᠢ | ᠮᠠᠯ ᠤᠨ ᠠᠰᠢᠭ ᠰᠢᠮ᠎ᠠ ᠲᠠᠷᠢᠶᠠᠯᠠᠩ ᠤᠨ ᠪᠦᠲᠦᠭᠡᠭᠳᠡᠬᠦᠨ ᠢ ᠭᠠᠳᠠᠬᠰᠢ ᠭᠠᠷᠭᠠᠬᠤ ᠳᠤ ᠲᠦᠪᠯᠡᠷᠡᠭᠦᠯᠵᠦ᠂ ᠨᠢᠭᠡ | ᠪᠦᠯᠦᠭ ᠤᠷᠤᠨ ᠪᠦᠰᠡ ᠶᠢᠨ ᠤᠨᠴᠠᠯᠢᠭ ᠳᠤᠪᠤᠶᠢᠮ᠎ᠠ᠂ ᠵᠠᠬ᠎ᠠ ᠳᠡᠯᠭᠡᠭᠦᠷ ᠤᠨ ᠮᠡᠳᠡᠷᠡᠮᠵᠢ ᠶᠢᠨ ᠬᠡᠮᠵᠢᠶ᠎ᠠ ᠦᠷᠭᠡᠨ᠂ | ᠬᠦᠭᠵᠢᠯᠲᠡ ᠶᠢᠨ ᠨᠦᠬᠡᠴᠡ ᠬᠦᠴᠦᠨ ᠶᠡᠭᠡ᠂ ᠳᠠᠶᠢᠴᠢᠯᠠᠬᠤ ᠴᠢᠳᠠᠪᠤᠷᠢ ᠴᠢᠩᠭ᠎ᠠ ᠪᠤᠬᠢᠷᠲᠤᠯ ᠦᠭᠡᠢ ᠮᠠᠯ ᠤᠨ ᠠᠰᠢᠭ | ᠰᠢᠮ᠎ᠠ ᠲᠠᠷᠢᠶᠠᠯᠠᠩ ᠤᠨ ᠪᠦᠲᠦᠭᠡᠭᠳᠡᠬᠦᠨ ᠤ ᠤᠷᠤᠨ ᠪᠦᠰᠡ ᠶᠢᠨ ᠨᠡᠶᠢᠲᠡ ᠶᠢᠨ ᠲᠦᠷᠦᠯ ᠲᠡᠮᠲᠡᠭ ᠢ ᠪᠤᠶᠢᠵᠢᠭᠤᠯᠤᠨ᠎ᠠ | ᠃ ᠮᠢᠬᠠᠨ ᠦᠬᠡᠷ᠂ ᠢᠳᠡᠰᠢᠨ ᠤ ᠬᠤᠨᠢ᠂ ᠲᠦᠮᠦᠰᠦ᠂ ᠡᠯᠳᠡᠪ ᠠᠮᠤ᠂ ᠨᠠᠷᠡᠨ ᠬᠤᠸᠠᠷ ᠵᠡᠷᠭᠡ ᠳᠠᠪᠠᠭᠤᠯᠢᠭ ᠠᠵᠤ | ᠦᠢᠯᠡᠰ ᠲᠤ ᠲᠦᠰᠢᠭᠯᠡᠵᠦ᠂ ᠮᠠᠯ ᠤᠨ ᠠᠰᠢᠭ ᠰᠢᠮ᠎ᠠ ᠲᠠᠷᠢᠶᠠᠯᠠᠩ ᠤᠨ ᠪᠦᠲᠦᠭᠡᠭᠳᠡᠬᠦᠨ ᠤ ᠤᠷᠤᠨ ᠪᠦᠰᠡ ᠶᠢᠨ | ᠨᠡᠶᠢᠲᠡ ᠶᠢᠨ ᠲᠦᠷᠦᠯ ᠲᠡᠮᠲᠡᠭ ᠢ ᠤᠬᠠᠭᠤᠯᠤᠨ ᠲᠠᠨᠢᠯᠴᠠᠭᠤᠯᠬᠤ ᠠᠵᠢᠯᠯᠠᠭ᠎ᠠ ᠶᠢ ᠵᠤᠬᠢᠶᠠᠨ ᠪᠠᠶᠢᠭᠤᠯᠤᠨ | ᠦᠷᠨᠢᠭᠦᠯᠦᠨ᠎ᠠ᠃ ᠪᠤᠬᠢᠷᠲᠤᠯ ᠦᠭᠡᠢ ᠮᠠᠯ ᠤᠨ ᠠᠰᠢᠭ ᠰᠢᠮ᠎ᠠ ᠲᠠᠷᠢᠶᠠᠯᠠᠩ ᠤᠨ ᠪᠦᠲᠦᠭᠡᠭᠳᠡᠬᠦᠨ ᠤ ᠨᠡᠶᠢᠲᠡ ᠶᠢᠨ | ᠲᠦᠷᠦᠯ ᠲᠡᠮᠲᠡᠭ ᠤᠨ ᠪᠠᠶᠢᠭᠤᠯᠤᠯᠲᠠ ᠶᠢᠨ ᠢᠨᠵᠧᠨᠧᠷᠢᠩ ᠢ ᠬᠡᠷᠡᠭᠵᠢᠭᠦᠯᠵᠦ᠂ 2020 ᠤᠨ ᠪᠤᠯᠬᠤ ᠳᠤ ᠮᠠᠯ ᠤᠨ | ᠠᠰᠢᠭ ᠰᠢᠮ᠎ᠠ ᠲᠠᠷᠢᠶᠠᠯᠠᠩ ᠤᠨ ᠪᠦᠲᠦᠭᠡᠭᠳᠡᠬᠦᠨ ᠤ ᠤᠷᠤᠨ ᠪᠦᠰᠡ ᠶᠢᠨ ᠨᠡᠶᠢᠲᠡ ᠶᠢᠨ ᠲᠦᠷᠦᠯ ᠲᠡᠮᠲᠡᠭ 20 ᠶᠢ | ᠪᠤᠶᠢᠵᠢᠭᠤᠯᠵᠤ᠂ ᠤᠷᠤᠨ ᠪᠦᠰᠡ ᠶᠢᠨ ᠨᠡᠶᠢᠲᠡ ᠶᠢᠨ ᠲᠦᠷᠦᠯ ᠲᠡᠮᠲᠡᠭ᠂ ᠠᠵᠤ ᠠᠬᠤᠶᠢᠯᠠᠯ ᠤᠨ ᠲᠦᠷᠦᠯ ᠲᠡᠮᠲᠡᠭ᠂ | ᠤᠨᠴᠠᠯᠢᠬᠲᠤ ᠲᠦᠷᠦᠯ ᠲᠡᠮᠲᠡᠭ ᠢᠶᠠᠷ ᠭᠤᠤᠯ ᠪᠤᠯᠭᠠᠬᠰᠠᠨ ᠪᠤᠬᠢᠷᠲᠤᠯ ᠦᠭᠡᠢ ᠮᠠᠯ ᠤᠨ ᠠᠰᠢᠭ ᠰᠢᠮ᠎ᠠ | ᠲᠠᠷᠢᠶᠠᠯᠠᠩ ᠤᠨ ᠪᠦᠲᠦᠭᠡᠭᠳᠡᠬᠦᠨ ᠤ ᠲᠦᠷᠦᠯ ᠲᠡᠮᠲᠡᠭ ᠤᠨ ᠪᠠᠶᠢᠷᠢᠰᠢᠯ ᠢ ᠪᠤᠢ ᠪᠤᠯᠭᠠᠨ᠎ᠠ᠃ | ︵ᠠᠷᠪᠠᠨ ᠳᠤᠯᠤᠭ᠎ᠠ︶ ᠮᠠᠯ ᠤᠨ ᠠᠰᠢᠭ ᠰᠢᠮ᠎ᠠ ᠲᠠᠷᠢᠶᠠᠯᠠᠩ ᠤᠨ ᠪᠦᠲᠦᠭᠡᠭᠳᠡᠬᠦᠨ ᠤ ᠶᠠᠰᠤ ᠴᠢᠨᠠᠷ ᠤᠨ | ᠠᠮᠤᠷ ᠲᠦᠪᠰᠢᠨ ᠤ ᠪᠦᠬᠦ ᠶᠠᠪᠤᠴᠠ ᠶᠢᠨ ᠬᠢᠨᠠᠯᠲᠠ ᠬᠠᠮᠢᠶᠠᠷᠤᠯᠲᠠ ᠶᠢ ᠬᠡᠷᠡᠭᠵᠢᠭᠦᠯᠦᠨ᠎ᠠ᠃ ᠵᠠᠰᠠᠭ ᠤᠨ ᠤᠷᠳᠤᠨ ᠤ | ᠬᠠᠷᠢᠶ᠎ᠠ ᠤᠷᠤᠨ ᠢᠶᠠᠷ ᠢᠶᠠᠨ ᠬᠠᠮᠢᠶᠠᠷᠬᠤ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠵᠤ᠂ ᠦᠨᠳᠦᠰᠦᠨ ᠱᠠᠲᠤᠨ ᠤ | ᠬᠢᠨᠠᠯᠲᠠ ᠬᠠᠮᠢᠶᠠᠷᠤᠯᠲᠠ ᠶᠢᠨ ᠴᠢᠳᠠᠪᠤᠷᠢ ᠶᠢ ᠳᠡᠭᠡᠭᠰᠢᠯᠡᠬᠦᠯᠵᠦ᠂ ᠮᠠᠯ ᠤᠨ ᠠᠰᠢᠭ ᠰᠢᠮ᠎ᠠ ᠲᠠᠷᠢᠶᠠᠯᠠᠩ ᠤᠨ | ᠪᠦᠲᠦᠭᠡᠭᠳᠡᠬᠦᠨ ᠪᠤᠯᠤᠨ ᠮᠠᠯ ᠠᠵᠤ ᠠᠬᠤᠢ ᠲᠠᠷᠢᠶᠠᠯᠠᠩ ᠳᠠᠬᠢ ᠤᠷᠤᠭᠤᠯᠤᠯᠲᠠ ᠶᠢᠨ ᠪᠤᠳᠠᠰ ᠤᠨ ᠬᠢᠨᠠᠨ | ᠪᠠᠶᠢᠴᠠᠭᠠᠯᠲᠠ ᠶᠢ ᠴᠢᠩᠭᠠᠳᠬᠠᠵᠤ᠂ ᠮᠠᠯ ᠤᠨ ᠠᠰᠢᠭ ᠰᠢᠮ᠎ᠠ ᠲᠠᠷᠢᠶᠠᠯᠠᠩ ᠤᠨ ᠪᠦᠲᠦᠭᠡᠭᠳᠡᠬᠦᠨ ᠤ | ᠦᠢᠯᠡᠳᠪᠦᠷᠢᠯᠡᠯ ᠤᠨ ᠶᠠᠪᠤᠴᠠ ᠶᠢ ᠮᠦᠷᠳᠡᠬᠦ ᠰᠢᠰᠲ᠋ᠧᠮ ᠢ ᠪᠠᠶᠢᠭᠤᠯᠵᠤ᠂ ᠠᠶᠢᠮᠠᠭ ᠬᠤᠲᠠ᠂ ᠬᠤᠰᠢᠭᠤ ᠰᠢᠶᠠᠨ ︵ | ᠬᠤᠲᠠ᠂ ᠲᠤᠭᠤᠷᠢᠭ︶ ᠤ ᠬᠢᠨᠠᠨ ᠪᠠᠶᠢᠴᠠᠭᠠᠬᠤ ᠴᠢᠳᠠᠪᠤᠷᠢ ᠪᠠᠨ ᠦᠷᠬᠦᠯᠵᠢᠯᠡᠨ ᠳᠡᠭᠡᠭᠰᠢᠯᠡᠬᠦᠯᠬᠦ ᠶᠢ ᠠᠬᠢᠭᠤᠯᠵᠤ᠂ | ᠮᠠᠯ ᠤᠨ ᠠᠰᠢᠭ ᠰᠢᠮ᠎ᠠ ᠲᠠᠷᠢᠶᠠᠯᠠᠩ ᠤᠨ ᠪᠦᠲᠦᠭᠡᠭᠳᠡᠬᠦᠨ ᠤ ᠶᠠᠰᠤ ᠴᠢᠨᠠᠷ ᠤᠨ ᠠᠮᠤᠷ ᠲᠦᠪᠰᠢᠨ ᠢ ᠪᠠᠲᠤᠯᠠᠨ᠎ᠠ᠃ | 2020 ᠤᠨ ᠪᠤᠯᠬᠤ ᠳᠤ ᠪᠦᠬᠦ ᠤᠷᠤᠨ ᠤ ︽ᠬᠤᠤᠷ ᠦᠭᠡᠢ ᠲᠠᠷᠢᠶᠠᠯᠠᠩ ᠤᠨ ᠪᠦᠲᠦᠭᠡᠭᠳᠡᠬᠦᠨ᠂ ᠪᠤᠬᠢᠷᠲᠤᠯ | ᠦᠭᠡᠢ ᠢᠳᠡᠭᠡᠨ᠂ ᠤᠷᠭᠠᠨᠢᠭ ᠲᠠᠷᠢᠶᠠᠯᠠᠩ ᠤᠨ ᠪᠦᠲᠦᠭᠡᠭᠳᠡᠭᠦᠨ ᠪᠤᠯᠤᠨ ᠲᠠᠷᠢᠶᠠᠯᠠᠩ ᠤᠨ ᠪᠦᠲᠦᠭᠡᠭᠳᠡᠬᠦᠨ ᠤ ᠭᠠᠵᠠᠷ | ᠵᠦᠢ ᠶᠢᠨ ᠰᠢᠨᠵᠢ ᠲᠡᠮᠲᠡᠭ︾ ᠤᠨ ᠪᠦᠲᠦᠭᠡᠭᠳᠡᠬᠦᠨ ᠠᠳᠠᠯᠢ ᠲᠦᠷᠦᠯ ᠤᠨ ᠮᠠᠯ ᠤᠨ ᠠᠰᠢᠭ ᠰᠢᠮ᠎ᠠ ᠲᠠᠷᠢᠶᠠᠯᠠᠩ ᠤᠨ | ᠪᠦᠲᠦᠭᠡᠭᠳᠡᠬᠦᠨ ᠳᠠᠬᠢ ᠡᠵᠡᠯᠡᠬᠦ ᠬᠠᠷᠢᠴᠠᠯ ᠢ 50% ᠪᠤᠯᠭᠠᠬᠤ ᠪᠠᠷ ᠴᠢᠷᠮᠠᠶᠢᠵᠤ᠂ ᠭᠤᠤᠯ ᠪᠤᠯᠬᠤ ᠮᠠᠯ ᠤᠨ ᠠᠰᠢᠭ | ᠰᠢᠮ᠎ᠠ ᠲᠠᠷᠢᠶᠠᠯᠠᠩ ᠤᠨ ᠪᠦᠲᠦᠭᠡᠭᠳᠡᠬᠦᠨ ᠤ ᠵᠤᠷᠰᠢᠯᠲᠤ ᠬᠢᠨᠠᠨ ᠪᠠᠶᠢᠴᠠᠭᠠᠯᠲᠠ ᠶᠢᠨ ᠬᠢᠷᠢ ᠲᠡᠩᠴᠡᠬᠦ ᠨᠤᠷᠮ᠎ᠠ ᠶᠢ | 97% ᠭᠠᠷᠤᠢ ᠪᠤᠯᠭᠠᠨ᠎ᠠ᠃ ᠪᠦᠬᠦ ᠤᠷᠤᠨ ᠤ ᠮᠠᠯ ᠠᠵᠤ ᠠᠬᠤᠢ ᠲᠠᠷᠢᠶᠠᠯᠠᠩ ᠤᠨ ᠠᠵᠤ ᠦᠢᠯᠡᠰᠵᠢᠭᠰᠡᠨ | ᠳᠠᠭᠠᠭᠤᠯᠤᠬᠴᠢ ᠠᠵᠤ ᠠᠬᠤᠶᠢᠢᠯᠠᠯ ᠤᠨ ᠦᠢᠯᠡᠳᠪᠦᠷᠢᠯᠡᠯ ᠤᠨ ᠰᠠᠭᠤᠷᠢᠨ᠂ ︽ᠬᠤᠤᠷ ᠦᠭᠡᠢ ᠲᠠᠷᠢᠶᠠᠯᠠᠩ ᠤᠨ | ᠪᠦᠲᠦᠭᠡᠭᠳᠡᠬᠦᠨ᠂ ᠪᠤᠬᠢᠷᠲᠤᠯ ᠦᠭᠡᠢ ᠢᠳᠡᠭᠡᠨ᠂ ᠤᠷᠭᠠᠨᠢᠭ ᠲᠠᠷᠢᠶᠠᠯᠠᠩ ᠤᠨ ᠪᠦᠲᠦᠭᠡᠭᠳᠡᠭᠦᠨ ᠪᠤᠯᠤᠨ | ᠲᠠᠷᠢᠶᠠᠯᠠᠩ ᠤᠨ ᠪᠦᠲᠦᠭᠡᠭᠳᠡᠬᠦᠨ ᠤ ᠭᠠᠵᠠᠷ ᠵᠦᠢ ᠶᠢᠨ ᠢᠯᠡᠷᠬᠡᠶᠢᠯᠡᠯᠲᠦ ᠪᠦᠲᠦᠭᠡᠭᠳᠡᠬᠦᠨ︾ ᠪᠤᠯᠤᠨ ᠭᠠᠵᠠᠷ | ᠤᠷᠤᠨ ᠤ ᠭᠤᠤᠯᠳᠠᠯᠭᠠᠲᠤ ᠮᠠᠯ ᠤᠨ ᠠᠰᠢᠭ ᠰᠢᠮ᠎ᠠ ᠲᠠᠷᠢᠶᠠᠯᠠᠩ ᠤᠨ ᠪᠦᠲᠦᠭᠡᠭᠳᠡᠬᠦᠨ ᠢ ᠪᠦᠬᠦᠨ ᠢ ᠬᠢᠨᠠᠨ | ᠬᠠᠮᠢᠶᠠᠷᠴᠤ ᠮᠦᠷᠳᠡᠬᠦ ᠬᠡᠪᠴᠢᠶᠡᠨ ᠳᠤ ᠤᠷᠤᠭᠤᠯᠤᠨ᠎ᠠ᠃ | ᠵᠢᠷᠭᠤᠭ᠎ᠠ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠰᠢᠨ᠎ᠠ ᠶᠢ ᠡᠭᠦᠳᠬᠦ ᠪᠠ ᠬᠢᠵᠠᠭᠠᠷᠯᠠᠨ ᠤᠷᠮᠠᠰᠢᠭᠤᠯᠬᠤ | ᠲᠤᠬᠲᠠᠴᠠ ᠶᠢ ᠪᠠᠶᠢᠭᠤᠯᠤᠨ᠎ᠠ | ︵ᠠᠷᠪᠠᠨ ᠨᠠᠢᠮᠠ︶ ᠮᠠᠯ ᠠᠵᠤ ᠠᠬᠤᠢ ᠲᠠᠷᠢᠶᠠᠯᠠᠩ ᠤᠨ ᠳᠠᠪᠰᠢᠩᠭᠤᠢ ᠪᠤᠳᠠᠳᠤ ᠬᠡᠷᠡᠭᠯᠡᠭᠡᠨ ᠤ ᠮᠡᠷᠭᠡᠵᠢᠯ | ᠪᠤᠯᠤᠨ ᠮᠠᠯ ᠠᠵᠤ ᠠᠬᠤᠢ ᠲᠠᠷᠢᠶᠠᠯᠠᠩ ᠤᠨ ᠪᠤᠬᠢᠷᠲᠤᠯ ᠦᠭᠡᠢ ᠬᠦᠭᠵᠢᠯᠲᠡ ᠶᠢᠨ ᠬᠡᠪ ᠵᠠᠬᠪᠤᠷ ᠢ ᠨᠡᠶᠢᠳᠭᠡᠨ | ᠲᠡᠯᠭᠡᠷᠡᠭᠦᠯᠦᠨᠠ᠃ ᠶᠠᠰᠤ ᠴᠢᠨᠠᠷ ᠢᠶᠠᠷ ᠮᠠᠯ ᠠᠵᠤ ᠠᠬᠤᠢ ᠲᠠᠷᠢᠶᠠᠯᠠᠩ ᠢ ᠬᠦᠭᠵᠢᠬᠦᠯᠦᠨ ᠮᠠᠨᠳᠤᠭᠤᠯᠬᠤ ᠰᠢᠨᠵᠢᠯᠡᠬᠦ | ᠤᠬᠠᠭᠠᠨ ᠮᠡᠷᠭᠡᠵᠢᠯ ᠤᠨ ᠲᠤᠯᠭᠠᠭᠤᠷᠢᠯᠠᠯ ᠤᠨ ᠠᠵᠢᠯᠯᠠᠭᠠᠨ ᠤ ᠲᠦᠯᠦᠪᠯᠡᠭᠡ ᠶᠢ ᠬᠡᠷᠡᠭᠵᠢᠭᠦᠯᠵᠦ᠂ ᠰᠠᠶᠢᠨ | ᠡᠭᠦᠯᠳᠡᠷᠵᠢᠭᠦᠯᠬᠦ᠂ ᠪᠤᠬᠢᠷᠲᠤᠯ ᠦᠭᠡᠢ ᠪᠠᠷ ᠲᠠᠷᠢᠵᠤ ᠲᠡᠵᠢᠭᠡᠬᠦ᠂ ᠮᠠᠯ ᠠᠵᠤ ᠠᠬᠤᠢ ᠲᠠᠷᠢᠶᠠᠯᠠᠩ ᠢ ᠡᠷᠭᠢᠯᠳᠦᠭᠦᠯᠦᠨ | ᠠᠰᠢᠬᠯᠠᠬᠤ᠂ ᠮᠠᠯ ᠠᠵᠤ ᠠᠬᠤᠢ ᠲᠠᠷᠢᠶᠠᠯᠠᠩ ᠤᠨ ᠦᠢᠯᠡᠳᠪᠦᠷᠢᠯᠡᠯ ᠤᠨ ᠪᠦᠬᠦ ᠶᠠᠪᠤᠴᠠ ᠶᠢ ᠮᠠᠰᠢᠨᠴᠢᠯᠠᠬᠤ ᠪᠤᠯᠤᠨ | ︽ᠢᠨᠲ᠋ᠧᠷ ᠰᠦᠯᠵᠢᠶ᠎ᠠ + ᠮᠠᠯ ᠠᠵᠤ ᠠᠬᠤᠢ ᠲᠠᠷᠢᠶᠠᠯᠠᠩ︾ ᠤᠨ ᠲᠤᠭᠤᠷᠢᠨ ᠳᠤ᠂ ᠨᠢᠭᠡ ᠪᠦᠯᠦᠭ ᠰᠢᠯᠢᠳᠡᠭ | ᠡᠭᠦᠯᠳᠡᠷ ᠢ ᠪᠤᠶᠢᠵᠢᠭᠤᠯᠤᠨ ᠭᠠᠳᠠᠭᠠᠳᠤ ᠠᠴᠠ ᠤᠷᠤᠭᠤᠯᠵᠤ᠂ ᠨᠢᠭᠡ ᠪᠦᠯᠦᠭ ᠶᠠᠰᠤ ᠴᠢᠨᠠᠷ ᠢ ᠳᠡᠭᠡᠭᠰᠢᠯᠡᠬᠦᠯᠬᠦ᠂ | ᠠᠮᠤᠷ ᠲᠦᠪᠰᠢᠨ ᠢ ᠪᠠᠲᠤᠯᠠᠬᠤ ᠮᠠᠯ ᠠᠵᠤ ᠠᠬᠤᠢ ᠲᠠᠷᠢᠶᠠᠯᠠᠩ ᠤᠨ ᠦᠢᠯᠡᠳᠪᠦᠷᠢᠯᠡᠯ ᠤᠨ ᠰᠢᠨ᠎ᠠ ᠮᠡᠷᠭᠡᠵᠢᠯ᠂ ᠰᠢᠨ᠎ᠠ | ᠬᠡᠪ ᠵᠠᠬᠪᠤᠷ ᠢ ᠰᠤᠳᠤᠯᠤᠨ ᠨᠡᠭᠡᠭᠡᠵᠦ ᠳᠡᠯᠭᠡᠷᠡᠭᠦᠯᠦᠨ᠂ ᠨᠢᠭᠡ ᠪᠦᠯᠦᠭ ᠪᠤᠬᠢᠷᠲᠤᠯ ᠦᠭᠡᠢ ᠦᠢᠯᠡᠳᠪᠦᠷᠢᠯᠡᠯ ᠤᠨ | ᠵᠢᠱᠢᠶ᠎ᠠ ᠦᠵᠡᠭᠦᠯᠬᠦ ᠰᠠᠭᠤᠷᠢᠨ ᠢ ᠴᠤᠬᠴᠠᠯᠠᠨ᠎ᠠ᠃ ᠰᠠᠶᠢᠨ ᠡᠭᠦᠯᠳᠡᠷᠵᠢᠭᠦᠯᠬᠦ ᠰᠢᠰᠲ᠋ᠧᠮ᠂ ᠮᠠᠯ ᠠᠵᠤ ᠠᠬᠤᠢ | ᠲᠠᠷᠢᠶᠠᠯᠠᠩ ᠤᠨ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠠ ᠶᠢ ᠡᠭᠦᠳᠬᠦ ᠪᠠ ᠳᠡᠯᠭᠡᠷᠡᠭᠦᠯᠦᠨ ᠦᠢᠯᠡᠴᠢᠯᠡᠬᠦ | ᠰᠢᠰᠲ᠋ᠧᠮ ᠢ ᠪᠠᠶᠢᠭᠤᠯᠤᠨ ᠪᠦᠷᠢᠨᠰᠢᠭᠦᠯᠵᠦ᠂ ᠮᠠᠯ ᠠᠵᠤ ᠠᠬᠤᠢ ᠲᠠᠷᠢᠶᠠᠯᠠᠩ ᠤᠨ ᠲᠤᠮᠤ ᠳ᠋ᠠᠶᠢᠲ᠋ᠠ ᠶᠢᠨ ᠲᠠᠪᠴᠠᠩ ᠢ | ᠪᠠᠶᠢᠭᠤᠯᠵᠤ᠂ ᠪᠠᠷᠠᠭ᠎ᠠ ᠶᠢᠨ ᠰᠦᠯᠵᠢᠶ᠎ᠠ᠂ ᠲᠤᠮᠤ ᠳ᠋ᠠᠶᠢᠲ᠋ᠠ᠂ ᠡᠯᠧᠺᠲᠷᠤᠨ ᠬᠤᠳᠠᠯᠳᠤᠭ᠎ᠠ ᠵᠡᠷᠭᠡ ᠢᠨᠲᠧᠷ | ᠰᠦᠯᠵᠢᠶᠠᠨ ᠤ ᠮᠡᠷᠭᠡᠵᠢᠯ ᠢ ᠮᠠᠯ ᠠᠵᠤ ᠠᠬᠤᠢ ᠲᠠᠷᠢᠶᠠᠯᠠᠩ ᠤᠨ ᠦᠢᠯᠡᠳᠪᠦᠷᠢᠯᠡᠯ᠂ ᠡᠳ᠋ᠰᠢᠭᠦᠯᠤᠯᠲᠠ᠂ | ᠪᠤᠷᠤᠯᠠᠭᠤᠯᠤᠯᠲᠠ ᠵᠡᠷᠭᠡ ᠠᠵᠤ ᠦᠢᠯᠡᠰ ᠤᠨ ᠬᠡᠯᠬᠢᠶ᠎ᠠ ᠶᠢᠨ ᠭᠤᠬᠴᠤᠭ᠎ᠠ ᠲᠠᠢ ᠤᠶᠠᠯᠳᠤᠭᠤᠯᠵᠤ᠂ ᠮᠠᠯ ᠠᠵᠤ ᠠᠬᠤᠢ | ᠲᠠᠷᠢᠶᠠᠯᠠᠩ ᠤᠨ ᠬᠦᠭᠵᠢᠯᠲᠡ ᠶᠢᠨ ᠰᠢᠨᠵᠢᠯᠡᠬᠦ ᠤᠬᠠᠭᠠᠨᠴᠢᠯᠠᠬᠤ᠂ ᠤᠶᠤᠨᠴᠢᠯᠠᠬᠤ᠂ ᠮᠡᠳᠡᠭᠡ ᠵᠠᠩᠬᠢᠴᠢᠯᠠᠬᠤ ᠶᠢ | ᠠᠬᠢᠭᠤᠯᠤᠨ᠎ᠠ᠃ ᠤᠯᠤᠰ ᠤᠨ ᠲᠠᠷᠢᠶᠠᠯᠠᠩ ᠤᠨ ᠦᠷᠬᠦᠯᠵᠢᠯᠡᠨ ᠬᠦᠭᠵᠢᠬᠦ ᠲᠤᠷᠰᠢᠯᠲᠠ ᠶᠢᠨ ᠵᠢᠱᠢᠶ᠎ᠠ ᠦᠵᠡᠭᠦᠯᠬᠦ | ᠲᠤᠭᠤᠷᠢᠭ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠤᠨ᠎ᠠ᠃ | ︵ᠠᠷᠪᠠ ᠶᠢᠰᠦ︶ ᠮᠠᠯ ᠠᠵᠤ ᠠᠬᠤᠢ ᠲᠠᠷᠢᠶᠠᠯᠠᠩ ᠤᠨ ᠠᠮᠢ ᠠᠬᠤᠢ ᠶᠢᠨ ᠨᠦᠬᠦᠪᠦᠷᠢ ᠶᠢᠨ ᠲᠤᠬᠲᠠᠴᠠ ᠶᠢ | ᠲᠡᠭᠦᠯᠳᠡᠷᠵᠢᠭᠦᠯᠦᠨ᠎ᠠ᠃ ᠲᠠᠷᠢᠶᠠᠨ ᠭᠠᠵᠠᠷ ᠤᠨ ᠭᠠᠵᠠᠷ ᠤᠨ ᠬᠦᠴᠦ ᠶᠢᠨ ᠳᠡᠭᠡᠭᠰᠢᠯᠡᠭᠦᠯᠦᠯᠲᠡ ᠪᠤᠯᠤᠨ | ᠬᠠᠷᠢᠭᠤᠴᠠᠯᠭ᠎ᠠ ᠲᠠᠢ ᠬᠤᠯᠪᠤᠬᠰᠠᠨ ᠲᠠᠷᠢᠶᠠᠨ ᠭᠠᠵᠠᠷ ᠤᠨ ᠭᠠᠵᠠᠷ ᠤᠨ ᠬᠦᠴᠦ ᠶᠢ ᠬᠠᠮᠠᠭᠠᠯᠠᠬᠤ ᠨᠦᠬᠦᠪᠦᠷᠢ ᠶᠢᠨ | ᠲᠦᠷᠦ ᠶᠢᠨ ᠪᠤᠳᠤᠯᠭ᠎ᠠ ᠶᠢ ᠨᠠᠶᠢᠳᠠᠪᠤᠷᠢᠵᠢᠭᠤᠯᠤᠨ᠎ᠠ᠃ ᠮᠠᠯ ᠠᠵᠤ ᠠᠬᠤᠢ ᠲᠠᠷᠢᠶᠠᠯᠠᠩ ᠤᠨ ᠴᠢᠳᠠᠮᠵᠢᠲᠤ ᠤᠷᠤᠨ ᠳᠤ | ᠰᠢᠯᠵᠢᠭᠦᠯᠦᠨ ᠤᠯᠭᠤᠬᠤ ᠡᠷᠴᠢᠮ ᠢ ᠴᠢᠩᠭᠠᠳᠬᠠᠵᠤ᠂ ᠮᠠᠯ ᠠᠵᠤ ᠠᠬᠤᠢ ᠲᠠᠷᠢᠶᠠᠯᠠᠩ ᠤᠨ ᠠᠮᠢ ᠠᠬᠤᠢ ᠶᠢ | ᠬᠠᠮᠠᠭᠠᠯᠠᠬᠰᠠᠨ ᠦᠷ᠎ᠠ ᠪᠦᠲᠦᠮᠵᠢ ᠶᠢ ᠪᠡᠯᠡ ᠮᠦᠡᠭᠭᠦ ᠶᠢᠨ ᠬᠤᠪᠢᠶᠠᠷᠢᠯᠠᠯᠲᠠ ᠲᠠᠢ ᠬᠤᠯᠪᠤᠬᠤ ᠤᠷᠮᠠᠰᠢᠭᠤᠯᠤᠨ | ᠬᠢᠵᠠᠭᠠᠷᠯᠠᠬᠤ ᠲᠤᠬᠲᠠᠴᠠ ᠶᠢ ᠬᠡᠷᠡᠭᠵᠢᠭᠦᠯᠦᠨ᠎ᠠ᠃ ᠲᠠᠷᠢᠶᠠᠨ ᠭᠠᠵᠠᠷ᠂ ᠨᠤᠲᠤᠭ ᠪᠡᠯᠴᠢᠭᠡᠷ᠂ ᠤᠢ ᠰᠢᠭᠤᠢ᠂ ᠨᠤᠭᠤ | ᠭᠠᠵᠠᠷ᠂ ᠤᠰᠤᠨ ᠤ ᠠᠮᠢᠳᠤ ᠪᠤᠳᠠᠰ ᠵᠡᠷᠭᠡ ᠶᠢᠨ ᠠᠮᠢ ᠠᠬᠤᠢ ᠶᠢᠨ ᠨᠦᠬᠦᠪᠦᠷᠢ ᠶᠢᠨ ᠲᠦᠷᠦ ᠶᠢᠨ ᠪᠤᠳᠤᠯᠭ᠎ᠠ ᠶᠢ | ᠨᠠᠶᠢᠳᠠᠪᠤᠷᠢᠵᠢᠭᠤᠯᠤᠨ᠎ᠠ᠃ ᠵᠠᠬ᠎ᠠ ᠳᠡᠯᠭᠡᠭᠦᠷᠵᠢᠭᠰᠡᠨ ᠤᠯᠠᠨ ᠡᠰᠢᠵᠢᠭᠰᠡᠨ ᠠᠮᠢ ᠠᠬᠤᠢ ᠶᠢᠨ ᠨᠦᠬᠦᠪᠦᠷᠢ ᠶᠢᠨ | ᠲᠤᠬᠲᠠᠴᠠ ᠶᠢ ᠪᠠᠶᠢᠭᠤᠯᠵᠤ᠂ ᠠᠮᠢ ᠠᠬᠤᠢ ᠶᠢᠨ ᠪᠦᠲᠦᠭᠡᠭᠳᠡᠬᠦᠨ ᠢ ᠬᠤᠳᠠᠯᠳᠤᠨ ᠠᠪᠬᠤ᠂ ᠤᠢ ᠰᠢᠭᠤᠢ ᠶᠢᠨ | ᠨᠡᠬᠦᠷᠡᠰᠦᠳᠦ᠋ᠷᠦᠭᠴᠢ ᠶᠢᠨ ᠬᠤᠷᠠᠮᠳᠤᠴᠠ ᠵᠡᠷᠭᠡ ᠵᠠᠬ᠎ᠠ ᠳᠡᠯᠭᠡᠭᠦᠷᠵᠢᠭᠰᠡᠨ ᠨᠦᠬᠦᠪᠦᠷᠢ ᠶᠢᠨ ᠳᠦᠷᠢᠮ ᠢ ᠰᠦᠪᠡᠭᠴᠢᠯᠡᠨ | ᠪᠠᠶᠢᠭᠤᠯᠤᠨ᠎ᠠ᠃ ᠤᠢ ᠰᠢᠭᠤᠢ ᠶᠢᠨ ᠠᠮᠢ ᠠᠬᠤᠢ ᠶᠢᠨ ᠦᠷ᠎ᠠ ᠠᠰᠢᠭ ᠤᠨ ᠨᠦᠬᠦᠪᠦᠷᠢ ᠶᠢᠨ ᠲᠦᠷᠦ ᠶᠢᠨ | ᠪᠤᠳᠤᠯᠭ᠎ᠠ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠤᠢ ᠰᠢᠭᠤᠢ ᠶᠢᠨ ᠠᠮᠢ ᠠᠬᠤᠢ ᠶᠢᠨ ᠦᠷ᠎ᠠ ᠠᠰᠢᠭ ᠤᠨ | ᠨᠦᠬᠦᠪᠦᠷᠢ ᠶᠢᠨ ᠳᠦᠷᠢᠮ ᠢ ᠤᠯᠠᠮ ᠴᠢᠨᠠᠬᠰᠢᠲᠠ ᠲᠡᠭᠦᠯᠳᠡᠷᠵᠢᠭᠦᠯᠦᠨ᠎ᠠ᠃ | ︵ᠬᠤᠷᠢ︶ ᠪᠤᠬᠢᠷᠳᠤᠯ ᠦᠭᠡᠢ ᠮᠠᠯ ᠠᠵᠤ ᠠᠬᠤᠢ ᠲᠠᠷᠢᠶᠠᠯᠠᠩ ᠤᠨ ᠬᠠᠤᠯᠢ ᠲᠤᠭᠳᠠᠭᠠᠯ ᠤᠨ ᠰᠢᠰᠲ᠋ᠧᠮ ᠢ | ᠪᠠᠶᠢᠭᠤᠯᠤᠨ ᠪᠦᠷᠢᠨᠰᠢᠭᠦᠯᠦᠨ᠎ᠡ᠃ ᠮᠠᠯ ᠠᠵᠤ ᠠᠬᠤᠢ ᠲᠠᠷᠢᠶᠠᠯᠠᠩ ᠤᠨ ᠪᠤᠬᠢᠷᠳᠤᠯ ᠦᠭᠡᠢ ᠭᠦᠭᠵᠢᠯᠳᠡ ᠶᠢ | ᠠᠬᠢᠭᠤᠯᠬᠤ ᠤᠷᠤᠨ ᠨᠤᠳᠤᠭ ᠤᠨ ᠴᠢᠨᠠᠷᠳᠠᠢ ᠬᠠᠤᠯᠢ ᠲᠤᠭᠳᠠᠭᠠᠯ ᠪᠡ ᠵᠠᠰᠠᠭ ᠤᠨ ᠤᠷᠳᠤᠨ ᠤ ᠲᠦᠷᠢᠮ ᠢ | ᠲᠤᠭᠳᠠᠭᠠᠵᠤ᠂ ᠵᠠᠰᠠᠪᠦᠷᠢ ᠤᠷᠤᠭᠤᠯᠤᠨ᠎ᠡ᠃ ᠴᠢᠬᠤᠯᠡ ᠶᠡᠭᠡ ᠤᠷᠴᠢᠨ ᠲᠤᠭᠤᠷᠢᠨ ᠤ ᠭᠡᠷᠡᠭ ᠪᠡ ᠪᠤᠬᠢᠷᠳᠤᠯ ᠤᠨ | ᠠᠳᠡᠯ ᠤᠨ ᠬᠠᠷᠢᠭᠤᠴᠠᠯᠭ᠎ᠠ ᠨᠡᠭᠡᠮᠵᠢᠯᠡᠭᠦ ᠲᠦᠷᠢᠮ ᠵᠢᠴᠢ ᠡᠪᠳᠡᠵᠤ ᠬᠤᠬᠢᠷᠠᠭᠤᠯᠬᠤ ᠠᠵᠢᠯᠯᠠᠭ᠎ᠠ ᠠᠴᠠ ᠲᠦᠯᠦᠪᠦᠷᠢ | ᠠᠪᠬᠤ ᠲᠦᠷᠢᠮ ᠢ ᠨᠠᠶᠢᠳᠠᠪᠦᠷᠢᠵᠢᠭᠤᠯᠵᠤ᠂ ᠬᠠᠤᠯᠢ ᠠᠴᠠ ᠵᠦᠷᠢᠴᠡᠭᠦ ᠦᠪᠡᠷ ᠤᠨ ᠦᠷᠳᠡᠭ ᠢ ᠲᠡᠭᠡᠭᠰᠢᠯᠡᠭᠦᠯᠵᠤ᠂ | ᠲᠤᠷᠭᠠᠵᠤ ᠰᠢᠳᠭᠡᠭᠦ ᠡᠷᠴᠢᠮ ᠢ ᠴᠢᠩᠭᠠᠷᠠᠭᠤᠯᠤᠨ᠎ᠡ᠃ ᠮᠠᠯ ᠠᠵᠤ ᠠᠬᠤᠢ ᠲᠠᠷᠢᠶᠠᠯᠠᠩ ᠤᠨ ᠬᠠᠤᠯᠢ ᠭᠡᠷᠡᠭᠵᠢᠭᠦᠯᠭᠦ | ᠡᠷᠴᠢᠮ ᠢ ᠴᠢᠩᠭᠠᠷᠠᠭᠤᠯᠵᠤ᠂ ᠮᠠᠯ ᠠᠵᠤ ᠠᠬᠤᠢ ᠲᠠᠷᠢᠶᠠᠯᠠᠩ ᠤᠨ ᠡᠬᠢ ᠪᠠᠶᠠᠯᠢᠭ ᠤᠨ ᠤᠷᠴᠢᠨ ᠲᠤᠭᠤᠷᠢᠨ ᠢ | ᠡᠪᠳᠡᠭᠦ ᠬᠠᠤᠯᠢ ᠲᠤᠭᠳᠠᠭᠠᠯ ᠠᠴᠠ ᠵᠦᠷᠢᠴᠡᠭᠰᠡᠨ ᠦᠢᠯᠠ ᠠᠵᠢᠯᠯᠠᠭ᠎ᠠ ᠳᠤ ᠡᠷᠡᠰ ᠴᠤᠬᠢᠯᠳᠡ ᠦᠭᠭᠦᠨ᠎ᠡ᠃ | ︵ᠬᠤᠷᠢᠨ ᠨᠢᠭᠡ︶ ᠮᠠᠯ ᠠᠵᠤ ᠠᠬᠤᠢ ᠲᠠᠷᠢᠶᠠᠯᠠᠩ ᠤᠨ ᠪᠤᠬᠢᠷᠳᠤᠯ ᠦᠭᠡᠢ ᠭᠦᠭᠵᠢᠯᠳᠡ ᠶᠢᠨ | ᠴᠢᠳᠠᠪᠦᠷᠢᠳᠡᠨ ᠢ ᠬᠦᠮᠦᠵᠢᠭᠦᠯᠭᠦ ᠲᠤᠭᠳᠠᠴᠡ ᠶᠢ ᠲᠡᠭᠦᠯᠳᠡᠷᠵᠢᠭᠦᠯᠦᠨ᠎ᠡ᠃ ᠮᠠᠯ ᠠᠵᠤ ᠠᠬᠤᠢ ᠲᠠᠷᠢᠶᠠᠯᠠᠩ ᠤᠨ | ᠲᠡᠭᠡᠳᠤ ᠵᠡᠷᠭᠡ ᠶᠢᠨ ᠰᠤᠷᠭᠠᠨ ᠬᠦᠮᠦᠵᠢᠯ᠂ ᠮᠠᠯᠴᠢᠨ ᠲᠠᠷᠢᠶᠠᠴᠢᠨ ᠤ ᠠᠵᠢᠯ ᠮᠡᠷᠭᠡᠵᠢᠯ ᠤᠨ ᠰᠤᠷᠭᠠᠨ ᠬᠦᠮᠦᠵᠢᠯ᠂ | ᠰᠢᠨ᠎ᠡ ᠮᠠᠶᠢᠬ ᠤᠨ ᠠᠵᠢᠯ ᠮᠡᠷᠭᠡᠵᠢᠯ ᠤᠨ ᠮᠠᠯᠴᠢᠨ ᠲᠠᠷᠢᠶᠠᠴᠢᠨ ᠢ ᠬᠦᠮᠦᠵᠢᠭᠦᠯᠭᠦ᠂ ᠭᠦᠳᠡᠭᠡ ᠲᠤᠰᠬᠤᠨ ᠮᠠᠯᠵᠢᠬᠤ | ᠤᠷᠤᠨ ᠤ ᠪᠤᠳᠠᠳᠤ ᠭᠡᠷᠡᠭᠯᠡᠭᠡᠨ ᠤ ᠴᠢᠳᠠᠪᠦᠷᠢᠳᠡᠨ ᠤ ᠲᠠᠭᠠᠭᠤᠯᠤᠬᠴᠢ ᠶᠢᠨ ᠵᠢᠱᠢᠶ᠎ᠡ ᠦᠵᠡᠭᠦᠯᠭᠦ ᠪᠤᠯᠪᠠᠰᠤᠷᠠᠯ ᠵᠡᠷᠭᠡ | ᠪᠤᠯᠪᠠᠰᠤᠷᠠᠭᠤᠯᠤᠯ ᠤᠨ ᠠᠷᠭ᠎ᠠ ᠵᠠᠮ ᠢᠶᠠᠷ᠂ ᠮᠠᠯ ᠠᠵᠤ ᠠᠬᠤᠢ ᠲᠠᠷᠢᠶᠠᠯᠠᠩ ᠤᠨ ᠡᠬᠢ ᠪᠠᠶᠠᠯᠢᠭ ᠢ ᠠᠷᠪᠢᠯᠠᠨ | ᠠᠰᠢᠬᠯᠠᠬᠤ᠂ ᠭᠠᠷᠤᠯᠳᠡ ᠶᠢᠨ ᠤᠷᠤᠨ ᠤ ᠤᠷᠴᠢᠨ ᠲᠤᠭᠤᠷᠢᠨ ᠢ ᠬᠠᠮᠠᠭᠠᠯᠠᠬᠤ᠂ ᠠᠮᠢ ᠠᠬᠤᠢ ᠶᠢᠨ | ᠦᠢᠯᠡᠴᠢᠯᠡᠭᠡᠨ ᠤ ᠴᠢᠳᠠᠮᠵᠢ ᠶᠢ ᠲᠡᠭᠡᠭᠰᠢᠯᠡᠭᠦᠯᠭᠦ ᠵᠡᠷᠭᠡ ᠠᠭᠤᠯᠭ᠎ᠠ ᠶᠢ ᠰᠤᠷᠭᠠᠨ ᠬᠦᠮᠦᠵᠢᠯ ᠤᠨ | ᠪᠤᠯᠪᠠᠰᠤᠷᠠᠭᠤᠯᠤᠯ ᠤᠨ ᠬᠡᠪᠴᠢᠶᠡᠨ ᠳᠤ ᠤᠷᠤᠭᠤᠯᠵᠤ᠂ ᠨᠢᠭᠡ ᠪᠦᠯᠦᠭ ᠪᠤᠬᠢᠷᠳᠤᠯ ᠦᠭᠡᠢ ᠭᠦᠭᠵᠢᠯᠳᠡ ᠶᠢᠨ | ᠦᠢᠯᠠᠭᠠᠬᠳᠠᠬᠤᠨ ᠲᠠᠢ᠂ ᠪᠤᠬᠢᠷᠳᠤᠯ ᠦᠭᠡᠢ ᠦᠢᠯᠡᠳᠪᠦᠷᠢᠯᠡᠯ ᠤᠨ ᠮᠡᠷᠭᠡᠵᠢᠯ ᠪᠡ ᠤᠷ᠎ᠠ ᠴᠢᠳᠠᠪᠦᠷᠢ ᠶᠢ ᠡᠵᠡᠮᠰᠢᠭᠰᠡᠨ | ᠮᠠᠯ ᠠᠵᠤ ᠠᠬᠤᠢ ᠲᠠᠷᠢᠶᠠᠯᠠᠩ ᠤᠨ ᠲᠤᠰᠬᠠᠢ ᠮᠡᠷᠭᠡᠵᠢᠯ ᠤᠨ ᠴᠢᠳᠠᠪᠦᠷᠢᠳᠡᠨ ᠤ ᠡᠩᠨᠡᠭᠡ ᠪᠡ ᠰᠢᠨ᠎ᠡ ᠮᠠᠶᠢᠬ ᠤᠨ | ᠲᠤᠰᠬᠠᠢ ᠮᠡᠷᠭᠡᠵᠢᠯ ᠤᠨ ᠮᠠᠯᠴᠢᠨ ᠲᠠᠷᠢᠶᠠᠴᠢᠨ ᠢ ᠬᠦᠮᠦᠵᠢᠭᠦᠯᠦᠨ᠎ᠡ᠃ ᠰᠢᠨ᠎ᠡ ᠮᠠᠶᠢᠬ ᠤᠨ ᠮᠠᠯ ᠠᠵᠤ ᠠᠬᠤᠢ | ᠲᠠᠷᠢᠶᠠᠯᠠᠩ ᠤᠨ ᠡᠵᠡᠩᠨᠡᠯᠳᠡ ᠶᠢᠨ ᠭᠤᠤᠯ ᠴᠤᠭᠴᠡ ᠶᠢ ᠢᠳᠡᠪᠬᠢᠳᠡᠢ ᠬᠦᠮᠦᠵᠢᠭᠦᠯᠵᠤ᠂ ᠲᠡᠳᠡᠨ ᠤ ᠤᠷᠢᠳᠴᠢᠯᠡᠨ | ᠪᠤᠬᠢᠷᠳᠤᠯ ᠦᠭᠡᠢ ᠦᠢᠯᠡᠳᠪᠦᠷᠢᠯᠡᠯ ᠢ ᠦᠷᠨᠢᠭᠦᠯᠭᠦ ᠶᠢ ᠵᠤᠷᠢᠭᠵᠢᠭᠤᠯᠤᠨ᠎ᠡ᠃ | ᠲᠤᠯᠤᠭ᠎ᠠ᠂ ᠵᠤᠬᠢᠶᠡᠨ ᠪᠠᠶᠢᠭᠤᠯᠤᠯᠲᠠ ᠶᠢᠨ ᠤᠳᠤᠷᠢᠳᠤᠯᠭ᠎ᠠ ᠪᠡ ᠲᠦᠷᠦ ᠶᠢᠨ ᠪᠤᠳᠤᠯᠭ᠎ᠠ ᠶᠢᠨ ᠲᠡᠮᠵᠢᠯᠭᠡ ᠶᠢ | ᠴᠢᠩᠭᠠᠳᠬᠠᠨ᠎ᠡ | ︵ᠬᠤᠷᠢᠨ ᠬᠤᠶᠠᠷ︶ ᠵᠤᠬᠢᠶᠠᠨ ᠪᠠᠶᠢᠭᠤᠯᠤᠯᠲᠠ ᠶᠢᠨ ᠪᠠᠳᠤᠯᠠᠭ᠎ᠠ ᠶᠢ ᠴᠢᠩᠭᠠᠳᠬᠠᠨ᠎ᠡ᠃ ᠡᠯ᠎ᠡ ᠱᠠᠳᠤᠨ ᠤ | ᠨᠠᠮ ᠤᠨ ᠬᠤᠷᠢᠶ᠎ᠠ ᠪᠡ ᠵᠠᠰᠠᠭ ᠤᠨ ᠤᠷᠳᠤᠨ ᠵᠤᠬᠢᠶᠡᠨ ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠴᠢᠩᠭᠠᠳᠬᠠᠵᠤ᠂ | ᠮᠠᠯ ᠠᠵᠤ ᠠᠬᠤᠢ ᠲᠠᠷᠢᠶᠠᠯᠠᠩ ᠢ ᠬᠦᠭᠵᠢᠭᠦᠯᠬᠦ ᠪᠠᠷ ᠭᠦᠳᠡᠭᠡ ᠲᠤᠰᠬᠤᠨ ᠢ ᠭᠦᠭᠵᠢᠭᠦᠯᠦᠨ ᠮᠠᠨᠳᠤᠭᠤᠯᠬᠤ | ᠪᠠᠶᠢᠯᠳᠤᠬᠤ ᠪᠤᠳᠤᠯᠭ᠎ᠠ ᠶᠢ ᠭᠡᠷᠡᠭᠵᠢᠭᠦᠯᠭᠦ ᠴᠢᠬᠤᠯᠡ ᠭᠠᠷᠳᠠᠴᠡ ᠪᠤᠯᠭᠠᠵᠤ᠂ ᠡᠳᠤᠷ ᠲᠤᠳᠤᠮ ᠤᠨ ᠴᠢᠬᠤᠯᠡ ᠵᠦᠪᠯᠡᠭᠦ | ᠵᠦᠢᠯ ᠳᠤ ᠤᠷᠤᠭᠤᠯᠵᠤ᠂ ᠤᠳᠤᠷᠢᠳᠬᠤ ᠺᠡᠳ᠋ᠷ ᠤᠨ ᠲᠤᠰᠢᠶᠠᠯ ᠡᠭᠦᠷᠭᠡᠯᠡᠭᠦ ᠬᠤᠭᠤᠴᠠᠭᠠᠨ ᠳᠠᠬᠢ ᠠᠮᠢ ᠠᠬᠤᠢ ᠶᠢᠨ | ᠪᠤᠯᠪᠠᠰᠤᠨ ᠤ ᠪᠠᠶᠢᠭᠤᠯᠤᠯᠳᠡ ᠶᠢᠨ ᠬᠠᠷᠢᠭᠤᠴᠠᠯᠭ᠎ᠠ ᠶᠢᠨ ᠲᠦᠷᠢᠮ ᠤᠨ ᠠᠭᠤᠯᠭ᠎ᠠ ᠳᠤ ᠤᠷᠤᠭᠤᠯᠬᠤ ᠬᠡᠷᠡᠭᠲᠡᠢ᠃ | ᠬᠠᠮᠢᠶ᠎ᠡ ᠪᠦᠭᠦᠢ ᠰᠠᠯᠠᠭ᠎ᠠ ᠮᠦᠴᠢᠷ ᠤᠷᠤᠯᠴᠡᠬᠰᠡᠨ ᠪᠤᠬᠢᠷᠳᠤᠯ ᠦᠭᠡᠢ ᠮᠠᠯ ᠠᠵᠤ ᠠᠬᠤᠢ ᠲᠠᠷᠢᠶᠠᠯᠠᠩ ᠤᠨ | ᠭᠦᠭᠵᠢᠯᠳᠡ ᠶᠢᠨ ᠰᠠᠯᠠᠭ᠎ᠠ ᠮᠦᠴᠢᠷ ᠤᠨ ᠵᠤᠬᠢᠴᠠᠭᠤᠯᠭ᠎ᠠ ᠶᠢᠨ ᠲᠤᠭᠳᠠᠴᠡ ᠶᠢ ᠪᠠᠶᠢᠭᠤᠯᠵᠤ᠂ ᠬᠠᠷᠢᠯᠴᠠᠭ᠎ᠠ | ᠵᠤᠬᠢᠴᠠᠭᠤᠯᠭ᠎ᠠ ᠪᠠᠨ ᠴᠢᠩᠭᠠᠳᠬᠠᠵᠤ᠂ ᠠᠵᠢᠯ ᠤᠨ ᠲᠤᠰᠢᠶᠠᠯ ᠬᠠᠷᠢᠭᠤᠴᠠᠯᠭ᠎ᠠ ᠪᠡ ᠡᠭᠦᠷᠭᠡ ᠶᠢᠨ ᠬᠤᠪᠢᠶᠠᠷᠢᠯᠠᠯ ᠢ | ᠲᠤᠳᠤᠷᠬᠠᠶᠢᠢᠯᠠᠵᠤ᠂ ᠠᠵᠢᠯ ᠤᠨ ᠨᠡᠶᠢᠯᠡᠯ ᠭᠦᠴᠤᠨ ᠢ ᠪᠤᠢ ᠪᠤᠯᠭᠠᠬᠤ ᠬᠡᠷᠡᠭᠲᠡᠢ᠃ ᠡᠯ᠎ᠡ ᠱᠠᠳᠤᠨ ᠤ ᠮᠠᠯ ᠠᠵᠤ | ᠠᠬᠤᠢ ᠲᠠᠷᠢᠶᠠᠯᠠᠩ ᠤᠨ ᠰᠠᠯᠠᠭ᠎ᠠ ᠮᠦᠴᠢᠷ ᠤᠨ ᠬᠢᠨ ᠲᠦᠷᠦᠭᠦᠯᠡᠨ ᠬᠢᠵᠦ ᠵᠤᠬᠢᠴᠠᠭᠤᠯᠬᠤ ᠦᠢᠯᠡᠳᠦᠯ ᠢᠶᠠᠨ | ᠰᠠᠶᠢᠳᠤᠷ ᠪᠠᠳᠠᠷᠠᠭᠤᠯᠵᠤ᠂ ᠲᠤᠭᠳᠠᠭᠰᠡᠨ ᠬᠤᠭᠤᠴᠠᠭ᠎ᠠ ᠲᠠᠢ ᠪᠠᠷ ᠠᠬᠢᠴᠡ ᠶᠢᠨ ᠪᠠᠶᠢᠳᠠᠯ ᠢ ᠲᠤᠬᠢᠷᠠᠭᠤᠯᠵᠤ᠂ ᠡᠯ᠎ᠡ | ᠵᠦᠢᠯ ᠤᠨ ᠲᠦᠷᠦ ᠶᠢᠨ ᠪᠤᠳᠤᠯᠭ᠎ᠠ ᠠᠷᠭ᠎ᠠ ᠬᠡᠮᠵᠢᠶ᠎ᠡ ᠶᠢ ᠪᠤᠳᠠᠳᠠᠢ ᠳᠤ ᠨᠠᠶᠢᠳᠠᠪᠦᠷᠢᠵᠢᠭᠤᠯᠬᠤ ᠶᠢ ᠪᠠᠳᠤᠯᠠᠵᠤ᠂ | ᠴᠢᠬᠤᠯᠡ ᠪᠠᠶᠢᠳᠠᠯ ᠢ ᠴᠠᠭ ᠲᠤᠬᠠᠢ ᠳᠤᠨᠢ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠪᠡ ᠵᠠᠰᠠᠭ ᠤᠨ | ᠤᠷᠳᠤᠨ ᠳᠤ ᠮᠡᠳᠡᠭᠦᠯᠬᠦ ᠬᠡᠷᠡᠭᠲᠡᠢ᠃ | ︵ᠬᠤᠷᠢᠨ ᠭᠤᠷᠪᠡ︶ ᠡᠳ᠋ ᠤᠨ ᠵᠠᠰᠠᠭ ᠮᠦᠩᠭᠦᠨ ᠭᠦᠢᠯᠭᠡᠭᠡᠨ ᠤ ᠲᠡᠮᠵᠢᠯᠬᠡ ᠶᠢᠨ ᠡᠷᠴᠢᠮ ᠢ | ᠴᠢᠩᠭᠠᠷᠠᠭᠤᠯᠤᠨ᠎ᠡ᠃ ᠮᠠᠯ ᠠᠵᠤ ᠠᠬᠤᠢ ᠲᠠᠷᠢᠶᠠᠯᠠᠩ ᠤᠨ ᠪᠤᠬᠢᠷᠳᠤᠯ ᠦᠭᠡᠢ ᠭᠦᠭᠵᠢᠯᠳᠡ ᠶᠢᠨ ᠪᠡᠯᠡ | ᠤᠷᠤᠭᠤᠯᠤᠯᠲᠠ ᠪᠠᠳᠤᠯᠠᠭ᠎ᠠ ᠶᠢᠨ ᠰᠢᠰᠲ᠋ᠧᠮ ᠢ ᠪᠦᠷᠢᠨᠰᠢᠭᠦᠯᠵᠦ᠂ ᠪᠡᠯᠡ ᠤᠷᠤᠭᠤᠯᠤᠯᠳᠡ ᠶᠢᠨ ᠴᠢᠭᠯᠡᠯ ᠢ | ᠦᠢᠯᠡᠳᠪᠦᠷᠢᠯᠡᠯ ᠤᠨ ᠭᠦᠷᠢᠶᠡᠨ ᠠᠴᠠ ᠦᠢᠯᠡᠳᠪᠦᠷᠢᠯᠡᠯ ᠪᠡ ᠠᠮᠢ ᠠᠬᠤᠢ ᠶᠢ ᠵᠡᠷᠭᠡ ᠳᠤᠨᠢ ᠴᠢᠬᠤᠯᠠᠴᠢᠯᠠᠬᠤ ᠲᠡᠶᠢᠰᠢ | ᠬᠤᠪᠢᠷᠠᠭᠤᠯᠬᠤ ᠶᠢ ᠠᠬᠢᠭᠤᠯᠵᠤ᠂ ᠪᠡᠯᠡ ᠤᠷᠤᠭᠤᠯᠤᠯᠳᠡ ᠶᠢᠨ ᠭᠤᠤᠯᠳᠠᠯᠭ᠎ᠠ ᠶᠢ ᠠᠮᠦ ᠪᠤᠳᠠᠭᠠᠨ ᠤ ᠠᠮᠤᠷ | ᠲᠦᠪᠰᠢᠨ ᠪᠡ ᠮᠠᠯ ᠤᠨ ᠠᠰᠢᠬ ᠰᠢᠮ᠎ᠡ ᠲᠠᠷᠢᠶᠠᠯᠠᠩ ᠤᠨ ᠪᠦᠳᠦᠭᠡᠭᠳᠡᠭᠦᠨ ᠤ ᠬᠠᠩᠭᠠᠯᠭ᠎ᠠ ᠶᠢ ᠪᠠᠲᠤᠯᠠᠬᠤ᠂ ᠮᠠᠯ ᠠᠵᠤ | ᠠᠬᠤᠢ ᠲᠠᠷᠢᠶᠠᠯᠠᠩ ᠤᠨ ᠪᠤᠬᠢᠷᠳᠤᠯ ᠦᠭᠡᠢ ᠭᠦᠭᠵᠢᠯᠳᠡ ᠶᠢ ᠠᠬᠢᠭᠤᠯᠬᠤ ᠲᠡᠶᠢᠰᠢ ᠬᠡᠯᠪᠠᠶᠢᠯᠭᠡᠨ᠎ᠡ᠃ ᠵᠠᠬ᠎ᠠ | ᠲᠡᠯᠭᠡᠭᠦᠷ ᠤᠨ ᠡᠬᠢ ᠪᠠᠶᠠᠯᠢᠭ ᠤᠨ ᠲᠤᠬᠢᠷᠠᠭᠤᠯᠤᠯᠳᠡ ᠳᠤᠮᠳᠠᠬᠢ ᠰᠢᠢᠳᠪᠦᠷᠢᠯᠡᠭᠦ ᠴᠢᠨᠠᠷᠳᠠᠢ ᠦᠢᠯᠡᠳᠦᠯ ᠢ ᠭᠦᠢᠴᠡᠳ | ᠪᠠᠳᠠᠷᠠᠭᠤᠯᠵᠤ᠂ ᠨᠡᠶᠢᠭᠡᠮ ᠤᠨ ᠭᠦᠷᠦᠩᠭᠡ ᠶᠢ ᠭᠤᠤᠯᠳᠠᠯᠭ᠎ᠠ ᠲᠠᠢ ᠪᠡᠷᠮᠠᠯ ᠠᠵᠤ ᠠᠬᠤᠢ ᠲᠠᠷᠢᠶᠠᠯᠠᠩ ᠤᠨ ᠡᠬᠢ | ᠪᠠᠶᠠᠯᠢᠭ ᠤᠨ ᠠᠰᠢᠬᠯᠠᠯᠳᠡ᠂ ᠤᠷᠴᠢᠨ ᠲᠤᠭᠤᠷᠢᠨ ᠤ ᠵᠠᠰᠠᠯᠳᠡ ᠪᠡ ᠠᠮᠢ ᠠᠬᠤᠢ ᠶᠢᠨ ᠬᠠᠮᠠᠭᠠᠯᠠᠯᠳᠡ ᠵᠡᠷᠭᠡ | ᠭᠦᠷᠢᠶᠡᠨ ᠳᠤ ᠪᠡᠯᠡ ᠤᠷᠤᠭᠤᠯᠬᠤ ᠶᠢ ᠭᠦᠳᠦᠯᠦᠨ ᠵᠢᠯᠤᠭᠤᠳᠬᠤ ᠪᠡ ᠵᠤᠷᠢᠭᠵᠢᠭᠤᠯᠵᠤ᠂ ᠤᠯᠠᠨ ᠡᠰᠢᠵᠢᠭᠰᠡᠨ ᠪᠡᠯᠡ | ᠤᠷᠤᠭᠤᠯᠤᠯᠳᠡ ᠶᠢᠨ ᠲᠤᠭᠳᠠᠴᠡ ᠶᠢ ᠪᠠᠶᠢᠭᠤᠯᠤᠨ᠎ᠡ᠃ ᠮᠦᠩᠭᠦᠨ ᠭᠦᠢᠯᠭᠡᠭᠡᠨ ᠤ ᠪᠠᠶᠢᠭᠤᠯᠤᠮᠵᠢ ᠶᠢ ᠵᠤᠷᠢᠭᠵᠢᠭᠤᠯᠤᠨ | ᠪᠤᠬᠢᠷᠳᠤᠯ ᠦᠭᠡᠢ ᠮᠦᠩᠭᠦᠨ ᠭᠦᠢᠯᠭᠡᠭᠡᠨ ᠤ ᠲᠦᠷᠦᠯ ᠵᠦᠢᠯ ᠳᠤ ᠲᠤᠰᠬᠠᠢ ᠢᠳᠡᠭᠡᠮᠵᠢᠳᠤ ᠵᠢᠭᠡᠯᠡᠯᠭᠡ ᠶᠢᠨ | ᠲᠦᠯᠦᠪᠯᠡᠭᠡ ᠭᠠᠷᠭᠠᠬᠤ᠂ ᠲᠤᠰᠬᠠᠢ ᠲᠦᠷᠦᠯ ᠵᠦᠢᠯ ᠢᠶᠠᠷ ᠬᠢᠨᠡᠨ ᠵᠦᠪᠰᠢᠶᠡᠷᠡᠭᠦ ᠢᠳᠡᠭᠡᠮᠵᠢ ᠤᠯᠭᠤᠬᠤ᠂ ᠡᠵᠡᠩᠨᠡᠨ | ᠪᠤᠷᠤᠯᠠᠭᠤᠯᠬᠤ ᠲᠤᠰᠬᠠᠢ ᠪᠠᠶᠢᠭᠤᠯᠤᠮᠵᠢ ᠭᠠᠷᠭᠠᠬᠤ᠂ ᠲᠤᠰᠬᠠᠢ ᠲᠦᠷᠦᠯ ᠤᠨ ᠲᠤᠬᠠᠶᠢᠯᠠᠭᠰᠠᠨᠠᠵᠢᠯ ᠤᠨ ᠲᠤᠭ᠎ᠠ | ᠪᠦᠷᠢᠳᠭᠡᠯ ᠬᠢᠵᠦ᠂ ᠵᠦᠷᠢᠶᠡᠴᠢᠯᠡᠭᠰᠡᠨ᠂ ᠤᠨᠴᠠᠯᠢᠬᠳᠤ ᠦᠢᠯᠡᠴᠢᠯᠡᠭᠡ ᠬᠠᠩᠭᠠᠨ᠎ᠡ᠃ ᠮᠦᠩᠭᠦᠨ ᠭᠦᠢᠯᠭᠡᠭᠡᠨ ᠤ | ᠪᠠᠶᠢᠭᠤᠯᠤᠮᠵᠢ ᠶᠢᠨ ᠵᠦᠢ ᠶᠤᠰᠤᠨ ᠤ ᠢᠳᠡᠭᠡᠮᠵᠢᠳᠤ ᠵᠢᠭᠡᠯᠡᠯᠭᠡ ᠶᠢᠨ ᠡᠭᠦᠷᠭᠡ ᠲᠤᠰᠢᠶᠠᠯ ᠢᠶᠠᠨ ᠭᠦᠢᠴᠡᠳᠭᠡᠨ | ᠬᠠᠷᠢᠭᠤᠴᠠᠯᠭ᠎ᠠ ᠡᠭᠦᠷᠬᠡᠯᠡᠬᠦ ᠦᠭᠡᠢ ᠪᠠᠶᠢᠬᠤ ᠲᠦᠷᠢᠮ ᠪᠠᠶᠢᠭᠤᠯᠭᠤ ᠶᠢ ᠲᠡᠮᠵᠢᠨ᠎ᠡ᠃ ᠬᠤᠳᠠᠯᠳᠤᠭᠠᠨ ᠤ | ᠲᠠᠭᠠᠳᠬᠠᠯ ᠤᠨ ᠪᠠᠶᠢᠭᠤᠯᠤᠮᠵᠢ ᠶᠢᠨ ᠠᠮᠢ ᠠᠬᠤᠢ ᠶᠢᠨ ᠮᠠᠯ ᠠᠵᠤ ᠠᠬᠤᠢ ᠲᠠᠷᠢᠶᠠᠯᠠᠩ ᠵᠡᠷᠭᠡ ᠭᠦᠷᠢᠶᠡᠨ ᠳᠤ | ᠴᠢᠭᠯᠡᠭᠦᠯᠦᠭᠰᠡᠨ ᠪᠤᠬᠢᠷᠳᠤᠯ ᠦᠭᠡᠢ ᠲᠠᠭᠠᠳᠬᠠᠯ ᠤᠨ ᠦᠢᠯᠡᠳᠭᠦᠨ ᠢ ᠨᠡᠭᠡᠭᠡᠨ ᠭᠦᠭᠵᠢᠭᠦᠯᠭᠦ ᠶᠢ ᠭᠦᠳᠦᠯᠦᠨ | ᠵᠢᠯᠤᠭᠤᠳᠤᠨ᠎ᠡ᠃ ᠨᠦᠭᠦᠴᠡᠯ ᠳᠤ ᠨᠡᠶᠢᠴᠡᠭᠰᠡᠨ ᠪᠤᠬᠢᠷᠳᠤᠯ ᠦᠭᠡᠢ ᠠᠵᠤ ᠠᠬᠤᠶᠢᠢᠯᠡᠯ ᠤᠨ ᠭᠦᠷᠦᠩᠭᠡ ᠶᠢᠨ ᠵᠠᠬ᠎ᠠ | ᠲᠡᠯᠭᠡᠭᠦᠷ ᠢᠶᠠᠷ ᠲᠡᠮᠵᠢᠨ ᠰᠢᠭᠤᠳ ᠪᠡᠯᠡ ᠬᠤᠷᠠᠮᠳᠤᠭᠤᠯᠬᠤ ᠶᠢ ᠲᠡᠮᠵᠢᠨ᠎ᠡ᠃ | ︵ᠬᠤᠷᠢᠨ ᠲᠦᠷᠪᠡ︶ ᠤᠬᠠᠭᠤᠯᠵᠤ ᠭᠦᠳᠦᠯᠦᠨ ᠵᠢᠯᠤᠭᠤᠳᠬᠤ ᠶᠢ ᠴᠢᠩᠭᠠᠳᠬᠠᠨ᠎ᠡ᠃ | ᠲᠧᠯᠸᠢᠰ᠂ ᠰᠤᠨᠢᠨ ᠰᠡᠳᠭᠦᠯ᠂ ᠰᠦᠯᠵᠢᠶ᠎ᠡ ᠵᠡᠷᠭᠡ ᠵᠠᠭᠤᠴᠢᠯᠠᠭᠤᠷ ᠢ ᠭᠦᠢᠴᠡᠳ ᠠᠰᠢᠬᠯᠠᠵᠤ᠂ ᠮᠠᠯ ᠠᠵᠤ ᠠᠬᠤᠢ | ᠲᠠᠷᠢᠶᠠᠯᠠᠩ ᠤᠨ ᠪᠤᠬᠢᠷᠳᠤᠯ ᠦᠭᠡᠢ ᠭᠦᠭᠵᠢᠯᠳᠡ ᠶᠢᠨ ᠲᠦᠷᠦ ᠶᠢᠨ ᠪᠤᠳᠤᠯᠭ᠎ᠠ ᠠᠷᠭ᠎ᠠ ᠬᠡᠮᠵᠢᠶ᠎ᠡ ᠶᠢ ᠡᠷᠴᠢᠮᠳᠠᠢ | ᠤᠬᠠᠭᠤᠯᠵᠤ ᠲᠠᠶᠢᠯᠦᠮᠵᠢ ᠬᠢᠨ᠎ᠡ᠃ ᠮᠠᠯ ᠠᠵᠤ ᠠᠬᠤᠢ ᠲᠠᠷᠢᠶᠠᠯᠠᠩ ᠤᠨ ᠪᠤᠬᠢᠷᠳᠤᠯ ᠦᠭᠡᠢ ᠭᠦᠭᠵᠢᠯᠳᠡ ᠶᠢᠨ ᠪᠦᠬᠦ | ᠠᠷᠠᠳ ᠢᠶᠠᠷ ᠢᠶᠠᠨ ᠭᠦᠳᠡᠯᠦᠯᠴᠡᠭᠦ ᠠᠵᠢᠯᠯᠠᠭ᠎ᠠ ᠶᠢ ᠭᠡᠷᠡᠭᠵᠢᠭᠦᠯᠵᠤ᠂ ᠪᠤᠬᠢᠷᠳᠤᠯ ᠦᠭᠡᠢ ᠦᠢᠯᠡᠳᠪᠦᠷᠢᠯᠡᠯ᠂ | ᠠᠮᠢᠳᠤᠷᠠᠯ ᠤᠨ ᠠᠷᠭ᠎ᠠ ᠮᠠᠶᠢᠬ ᠢ ᠳᠡᠯᠭᠡᠷᠡᠭᠦᠯᠦᠨ᠎ᠡ᠃ ᠲᠦᠪᠯᠡᠷᠡᠭᠦᠯᠦᠨ ᠪᠤᠯᠪᠠᠰᠤᠷᠠᠭᠤᠯᠬᠤ᠂ ᠨᠡᠶᠢᠳᠡᠯᠢᠭ ᠵᠢᠱᠢᠶ᠎ᠡ ᠪᠠᠷ | ᠵᠢᠱᠢᠶ᠎ᠡ ᠦᠵᠡᠭᠦᠯᠭᠦ ᠵᠡᠷᠭᠡ ᠠᠷᠭ᠎ᠠ ᠬᠡᠯᠪᠡᠷᠢ ᠶᠢ ᠠᠰᠢᠬᠯᠠᠵᠤ᠂ ᠡᠯ᠎ᠡ ᠱᠠᠳᠤᠨ ᠤ ᠬᠠᠮᠢᠶ᠎ᠡ ᠪᠦᠭᠦᠢ ᠰᠠᠯᠠᠭ᠎ᠠ ᠮᠦᠴᠢᠷ | ᠪᠡ ᠦᠷᠭᠡᠨ ᠤᠯᠠᠨ ᠮᠠᠯᠴᠢᠨ ᠲᠠᠷᠢᠶᠠᠴᠢᠨ ᠢ ᠭᠦᠳᠦᠯᠦᠨ ᠵᠢᠯᠤᠭᠤᠳᠴᠤ ᠠᠮᠢ ᠠᠬᠤᠢ ᠶᠢᠨ ᠪᠤᠯᠪᠠᠰᠤᠨ ᠤ | ᠦᠢᠯᠠᠭᠠᠬᠳᠠᠬᠤᠨ ᠢ ᠪᠤᠢ ᠪᠤᠯᠭᠠᠨ᠎ᠠ᠃ ᠡᠯ᠎ᠡ ᠭᠠᠵᠠᠷ ᠤᠨ ᠪᠤᠬᠢᠷᠳᠤᠯ ᠦᠭᠡᠢ ᠮᠠᠯ ᠠᠵᠤ ᠠᠬᠤᠢ ᠲᠠᠷᠢᠶᠠᠯᠠᠩ ᠤᠨ | ᠲᠤᠮᠳᠡ ᠤᠷᠢᠳ ᠢᠶᠠᠷ ᠲᠤᠷᠰᠢᠵᠤ ᠤᠷᠢᠳ ᠢᠶᠠᠷ ᠬᠢᠭᠰᠡᠨ ᠰᠠᠶᠢᠨ ᠲᠤᠷᠰᠢᠯᠭ᠎ᠠ᠂ ᠰᠠᠶᠢᠨ ᠠᠷᠭ᠎ᠠ ᠬᠢᠳᠡᠯ ᠢ ᠴᠠᠭ | ᠲᠤᠬᠠᠢ ᠳᠤᠨᠢ ᠳ᠋ᠦᠩᠨᠠᠨ ᠲᠡᠯᠭᠡᠷᠡᠭᠦᠯᠵᠤ᠂ ᠲᠡᠷᠡ ᠬᠡᠪ ᠢᠶᠠᠷ ᠨᠢ ᠲᠡᠯᠭᠡᠷᠡᠭᠦᠯᠵᠤ ᠪᠤᠯᠬᠤ ᠠᠮᠵᠢᠯᠳᠠ ᠲᠠᠢ ᠵᠠᠬᠪᠤᠷ ᠢ | ᠤᠬᠠᠭᠤᠯᠵᠤ᠂ ᠮᠠᠯ ᠠᠵᠤ ᠠᠬᠤᠢ ᠲᠠᠷᠢᠶᠠᠯᠠᠩ ᠤᠨ ᠪᠤᠬᠢᠷᠳᠤᠯ ᠦᠭᠡᠢ ᠭᠦᠭᠵᠢᠯᠳᠡ ᠶᠢᠨ ᠰᠠᠶᠢᠨ ᠰᠠᠶᠢᠬᠠᠨ ᠠᠭᠤᠷ | ᠠᠮᠢᠰᠬᠤᠯ ᠢ ᠪᠤᠢ ᠪᠤᠯᠭᠠᠨ᠎ᠡ᠃ ︵ᠳᠣᠮᠳᠠᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ︶ | | | | | | | | |