ᠱᠠᠭ᠎ᠠ ᠶᠢᠨ ᠢᠷᠦᠬᠡᠯ
ᠨᠡᠶᠢᠲᠡᠯᠡᠭᠰᠡᠨ ᠴᠠᠭ᠄
2019/12/25
     ᠤᠮ ᠰᠠᠶᠢᠨ ᠠᠮᠤᠭᠤᠯᠠᠩ ᠳᠠᠨ ᠪᠤᠯᠳᠤᠭᠠᠢ︕      ᠡᠩᠬᠡ ᠰᠠᠶᠢᠬᠠᠨ ᠵᠢᠷᠭᠠᠯᠠᠩ ᠳᠠᠨ ᠪᠤᠯᠳᠤᠭᠠᠢ︕      ᠡᠩ ᠤᠷᠳᠤ ᠶᠢᠨ ᠨᠢᠬᠡᠨ ᠴᠠᠭ ᠲᠤ      ᠡᠵᠡᠨ ᠪᠤᠭᠳᠠ ᠴᠢᠩᠬᠢᠰ ᠬᠠᠭᠠᠨ      ᠪᠠᠭ᠎ᠠ ᠨᠠᠰᠤᠨ ᠳᠠᠭᠠᠨ ᠪᠠᠶᠢᠬᠤ ᠶᠢᠨ ᠴᠠᠭ ᠲᠤ      ᠵᠠᠳᠠᠷᠠᠨ ᠤᠪᠤᠭ ᠤᠨ ᠵᠠᠮᠤᠬ᠎ᠠ ᠲᠠᠢ      ᠤᠨᠤᠨ ᠮᠦᠷᠡᠨ ᠤ ᠮᠦᠰᠦᠨ ᠳᠡᠬᠡᠷ᠎ᠡ      ᠠᠯᠳᠠᠨ ᠮᠦᠩᠬᠦᠨ ᠱᠠᠭ᠎ᠠ ᠳᠤᠭᠯᠠᠵᠤ      ᠠᠩᠬᠠᠨ ᠤ ᠠᠨᠳᠠ ᠪᠤᠯᠤᠯᠴᠠᠨ      ᠠᠷᠢᠭᠤᠨ ᠱᠠᠭ᠎ᠠ ᠰᠤᠯᠢᠯᠴᠠᠭᠰᠠᠨ ᠬᠡᠨ᠎ᠡ᠃      ᠵᠠ ᠡᠨᠡ ᠱᠠᠭ᠎ᠠ ᠶᠢ ᠨᠢ ᠠᠪᠤᠭᠠᠳ ᠰᠢᠨᠵᠢᠬᠡᠳ ᠦᠵᠡᠪᠡᠯ᠄      ᠠᠳᠤᠭᠤ ᠮᠠᠯ ᠳᠠᠪᠤᠨ ᠡᠷᠳᠡᠨᠢ      ᠠᠯᠳᠠᠨ ᠱᠠᠭ᠎ᠠ ᠠᠷᠪᠠᠨ ᠡᠷᠳᠡᠨᠢ      ᠮᠤᠷᠢᠨ ᠱᠠᠭ᠎ᠠ ᠮᠤᠯᠤᠷ ᠡᠷᠳᠡᠨᠢ      ᠮᠦᠩᠬᠦᠨ ᠱᠠᠭ᠎ᠠ ᠪᠤᠶᠠᠨᠳᠤ ᠡᠷᠳᠡᠨᠢ      ᠮᠠᠯ ᠤᠨ ᠱᠠᠭ᠎ᠠ ᠮᠦᠩᠬᠡ ᠡᠷᠳᠡᠨᠢ      ᠮᠠᠯᠴᠢᠨ ᠳᠦᠮᠡᠨ ᠤ ᠡᠷᠭᠢᠮ ᠡᠷᠳᠡᠨᠢ      ᠬᠤᠨᠢᠨ ᠱᠠᠭ᠎ᠠ ᠬᠤᠪᠤᠷ ᠡᠷᠳᠡᠨᠢ      ᠬᠤᠳᠠᠯᠠ ᠤᠯᠠᠨ ᠤ ᠳᠤᠭᠯᠠᠭᠠᠮ ᠤᠨ ᠡᠷᠳᠡᠨᠢ      ᠮᠢᠬᠠᠨ ᠳᠤᠳᠤᠷ᠎ᠠ ᠶᠠᠰᠤ ᠡᠷᠳᠡᠨᠢ      ᠶᠠᠰᠤᠨ ᠳᠤᠳᠤᠷ᠎ᠠ ᠱᠠᠭ᠎ᠠ ᠡᠷᠳᠡᠨᠢ      ᠳᠡᠭᠰᠢ ᠳᠠᠯ᠎ᠠ ᠨᠢ ᠮᠤᠷᠢᠨ ᠡᠷᠳᠡᠨᠢ      ᠡᠰᠡᠷᠡᠭ ᠳᠠᠯ᠎ᠠ ᠨᠢ ᠳᠡᠮᠡᠬᠡᠨ ᠡᠷᠳᠡᠨᠢ      ᠬᠦᠳᠡᠩ ᠳᠠᠯ᠎ᠠ ᠨᠢ ᠦᠬᠡᠷ ᠡᠷᠳᠡᠨᠢ      ᠬᠤᠳᠤᠩ ᠳᠠᠯ᠎ᠠ ᠨᠢ ᠬᠤᠨᠢ ᠢᠮᠠᠭᠠᠨ ᠤ ᠡᠷᠳᠡᠨᠢ      ᠳᠡᠬᠡᠭᠰᠢ ᠪᠠᠨ ᠬᠠᠨᠳᠤᠪᠠᠯ ᠠᠯᠳᠠᠨ ᠪᠠᠭᠠᠨ᠎ᠠ      ᠳᠤᠭᠤᠭᠰᠢ ᠪᠠᠨ ᠬᠠᠨᠳᠤᠪᠠᠯ ᠱᠤᠷᠤᠨ ᠪᠠᠭᠠᠨ᠎ᠠ᠃      ᠬᠤᠷᠤᠢ ᠬᠤᠷᠤᠢ ᠬᠤᠷᠤᠢ
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号