ᠮᠤᠩᠭᠤᠯᠴᠤᠳ ᠡᠷᠲᠡ ᠲᠡᠭᠡᠳᠦ ᠦᠶ᠎ᠡ ᠠᠴᠠ ᠭᠦᠮᠤᠨ ᠪᠠᠶᠢᠭᠠᠯᠢ ᠭᠦᠢ ᠨᠢᠭᠡᠲᠠᠢ ᠭᠡᠵᠦ ᠦᠵᠡᠨ ᠨᠤᠲᠤᠭ | ᠤᠰᠤ ᠪᠠᠨ ᠲᠡᠭᠡᠳᠤᠯᠡᠨ ᠰᠢᠲᠦᠵᠦ᠂ ᠬᠠᠶᠢᠷᠯᠠᠨ ᠬᠠᠮᠠᠭᠠᠯᠠᠵᠦ ᠠᠷᠪᠢᠴᠢ ᠭᠠᠮᠲᠠᠢ ᠠᠰᠢᠭᠯᠠᠵᠦ᠂ ᠡᠶ᠎ᠡ ᠵᠤᠭᠢᠴᠠᠯᠲᠠᠢ | ᠤᠷᠤᠰᠢᠨ ᠠᠮᠢᠳᠤᠷᠠᠵᠦ ᠢᠷᠡᠭᠰᠡᠨ ᠪᠦᠭᠡᠳ ᠪᠠᠶᠢᠭᠠᠯᠢ ᠤᠷᠴᠢᠨ ᠢᠶᠠᠨ ᠠᠰᠢᠭᠯᠠᠵᠦ ᠬᠠᠮᠠᠭᠠᠯᠠᠬᠤ ᠵᠠᠩ ᠵᠢᠷᠤᠮ᠂ | ᠴᠡᠭᠡᠷ ᠶᠤᠰᠤ ᠶᠢ ᠤᠯᠠᠮᠵᠢᠯᠠᠭᠰᠠᠨ ᠪᠠᠶᠢᠳᠠᠭ᠃ ᠵᠢᠱᠢᠶᠡᠯᠡᠪᠡᠯ᠄ | 1. ᠨᠠᠭᠤᠷ ᠪᠤᠯᠠᠭ ᠤᠨ ᠡᠭᠢ ᠶᠢ ᠮᠠᠯᠲᠠᠵᠦ᠂ ᠵᠠᠳᠠᠭᠠᠶᠢᠯᠠᠵᠦ ᠭᠦᠨᠳᠡᠭᠦ ᠶᠢ ᠭᠠᠵᠠᠷ ᠯᠤᠤᠰ ᠬᠢᠯᠢᠩᠨᠡᠨ᠎ᠡ ᠭᠡᠵᠦ | ᠴᠡᠭᠡᠷᠯᠡᠨ᠎ᠡ᠃ | 2. ᠨᠠᠭᠤᠷ ᠪᠤᠯᠠᠭ ᠤᠨ ᠤᠰᠤᠨ ᠳᠤ ᠪᠤᠵᠠᠷ ᠪᠤᠷᠲᠠᠭ ᠶᠠᠭᠤᠮ᠎ᠠ ᠪᠤᠶᠤ ᠬᠤᠭ ᠨᠤᠪᠰᠢ ᠬᠠᠶᠠᠪᠠᠯ ᠪᠤᠯᠠᠭ ᠤᠨ | ᠤᠰᠤ ᠰᠢᠷᠭᠡᠨᠡ ᠭᠡᠳᠡᠭ᠃ | 3. ᠲᠤᠷ᠎ᠠ ᠵᠤᠷᠢᠭ ᠢᠶᠠᠷ ᠢᠶᠠᠨ ᠭᠠᠵᠠᠷ ᠮᠠᠯᠲᠠᠵᠦ ᠰᠢᠷᠤᠢ ᠴᠢᠯᠠᠭᠤ ᠭᠦᠳᠡᠯᠭᠡᠪᠡᠯ ᠭᠠᠢ ᠪᠠᠷᠴᠢᠳ ᠪᠤᠯᠤᠨ᠎ᠠ | ᠭᠡᠳᠡᠭ᠃ | 4. ᠭᠠᠭᠴᠠ ᠮᠤᠳᠤ ᠪᠤᠶᠤ ᠨᠢᠭᠡᠨ ᠦᠨᠳᠦᠰᠤ ᠲᠠᠢ ᠤᠯᠠᠨ ᠮᠤᠳᠤ ᠶᠢ ᠤᠭᠳᠤᠯᠠᠪᠠᠯ ᠡᠪᠡᠳᠴᠢᠨ ᠤᠷᠢᠶᠠᠨ᠎ᠠ | ᠭᠡᠳᠡᠭ᠃ | 5. ᠨᠢᠯᠬ᠎ᠠ ᠮᠤᠳᠤ ᠨᠠᠶᠢᠯᠵᠠᠭᠤᠷ ᠪᠤᠷᠭᠠᠰᠤ ᠶᠢ ᠬᠠᠳᠠᠪᠠᠯ ᠤᠷᠴᠢᠨ ᠲᠤᠭᠤᠷᠢᠨ ᠤ ᠮᠤᠳᠤ ᠪᠤᠷᠭᠠᠰᠤ | ᠰᠢᠩᠭᠡᠷᠡᠨᠡ ᠭᠡᠳᠡᠭ᠃ | 6. ᠡᠪᠡᠰᠤ ᠤᠷᠭᠤᠮᠠᠯ ᠤᠨ ᠦᠷ᠎ᠡ ᠵᠢᠮᠢᠰ ᠨᠢ ᠪᠤᠯᠪᠠᠰᠤᠷᠠᠭᠠ ᠦᠭᠡᠢ ᠦᠶ᠎ᠡ ᠳᠤ ᠬᠠᠳᠤᠪᠠᠯ ᠲᠦᠷᠦᠯ | ᠵᠦᠢᠯ ᠨᠢ ᠴᠦᠭᠡᠷᠡᠭᠦ ᠪᠤᠶᠤ ᠦᠨᠳᠦᠰᠤ ᠲᠠᠰᠤᠷᠠᠨ᠎ᠠ ᠭᠡᠳᠡᠭ᠃ | 7. ᠲᠤᠭᠲᠠᠮᠠᠯ ᠨᠠᠭᠤᠷ ᠤᠨ ᠤᠰᠤᠨ ᠳᠤ ᠪᠡᠶ᠎ᠡ ᠤᠭᠢᠶᠠᠬᠤ ᠪᠤᠶᠤ ᠬᠤᠪᠴᠠᠰᠤ ᠤᠭᠢᠶᠠᠪᠠᠯ ᠤᠰᠤ ᠪᠤᠬᠢᠷᠳᠤᠨ᠂ | ᠠᠮᠢᠲᠠᠨ ᠭᠤᠤᠯᠲᠠᠨ ᠬᠤᠤᠷᠲᠠᠭᠲᠠᠨᠠ ᠭᠡᠳᠡᠭ᠃ | 8. ᠨᠠᠭᠤᠷ ᠪᠤᠯᠠᠭ ᠤᠨ ᠤᠶᠢᠷ᠎ᠠ ᠤᠳᠠᠭᠠᠨ ᠤᠨ ᠡᠪᠦᠯᠵᠢᠭᠦ ᠪᠤᠶᠤ ᠵᠤᠰᠠᠪᠠᠯ ᠨᠤᠲᠤᠭ ᠤᠰᠤ ᠴᠢᠯᠡᠨ᠎ᠡ | ᠭᠡᠳᠡᠭ᠃ | 9. ᠠᠭᠤᠯᠠᠨ ᠤ ᠤᠷᠭᠢᠯ ᠰᠠᠷᠳᠠᠭ ᠪᠤᠶᠤ ᠤᠨᠴᠠᠭᠠᠢ ᠬᠠᠳᠠ ᠴᠢᠯᠠᠭᠤ ᠢ ᠨᠤᠷᠠᠭᠠᠪᠠᠯ ᠨᠤᠲᠤᠭ ᠤᠰᠤ | ᠰᠢᠯᠭᠡᠨᠡ ᠭᠡᠳᠡᠭ᠃ | 10. ᠨᠠᠭᠤᠷ ᠪᠤᠯᠠᠭ ᠤᠨ ᠤᠶᠢᠷ᠎ᠠ ᠭᠡᠭᠦᠷ ᠤᠩᠭᠤᠨ ᠲᠠᠯᠪᠢᠪᠠᠯ ᠨᠤᠲᠤᠭ ᠤᠰᠤᠨ ᠳᠤ ᠬᠠᠷᠰᠢ ᠪᠤᠯᠤᠨ᠎ᠠ | ᠭᠡᠳᠡᠭ᠃ | 11. ᠮᠤᠩᠭᠤᠯ ᠠᠶᠠᠨ ᠵᠢᠩᠴᠢᠳ ᠭᠦᠮᠦᠨ ᠤ ᠨᠤᠲᠤᠭ ᠲᠤ ᠲᠤᠷ᠎ᠠ ᠪᠠᠷ ᠵᠤᠤᠬ᠎ᠠ ᠵᠤᠭᠤᠷᠢ ᠶᠢᠨ ᠨᠦᠬᠡ | ᠮᠠᠯᠲᠠᠬᠤ ᠶᠢ ᠴᠡᠭᠡᠷᠯᠡᠨ᠂ ᠵᠢᠯ ᠵᠢᠯ ᠵᠠᠪᠠᠯ ᠬᠠᠭᠤᠴᠢᠨ ᠦᠷᠲᠡᠭᠡ ᠪᠠᠭᠤᠴᠠ ᠲᠡᠭᠡᠷ᠎ᠠ ᠪᠠᠨ ᠭᠦᠷᠴᠦ ᠲᠤᠭᠤᠭᠠᠯᠠᠨᠠ᠃ | | 12. ᠨᠤᠲᠤᠭ ᠪᠠᠭᠤᠴᠠ ᠲᠡᠭᠡᠷ᠎ᠠ ᠪᠠᠨ ᠵᠤᠤᠬ᠎ᠠ ᠵᠤᠭᠤᠷᠢ ᠪᠤᠶᠤ ᠪᠤᠯᠠᠭᠠᠷᠢ ᠶᠢᠨ ᠨᠦᠬᠡ ᠮᠠᠯᠲᠠᠪᠠᠯ | ᠨᠡᠭᠦᠭᠦ ᠳᠡᠭᠡᠨ ᠡᠷᠭᠡᠪᠰᠢ ᠪᠤᠯᠠᠵᠦ ᠲᠠᠯᠪᠢᠬᠤ ᠬᠡᠷᠡᠭᠲᠠᠢ᠂ ᠵᠠᠳᠠᠭᠠᠢ ᠬᠠᠶᠠᠬᠤ ᠶᠢ ᠴᠡᠭᠡᠷᠯᠡᠨ᠎ᠡ᠃ | 13. ᠡᠪᠡᠰᠤ ᠨᠤᠭᠤᠭᠠᠨ ᠤ ᠤᠷᠭᠤᠴᠠ ᠶᠢᠨ ᠴᠠᠭ ᠬᠤᠭᠤᠴᠠᠭᠠᠨ ᠳᠤ ᠲᠡᠷᠭᠡ ᠬᠦᠰᠭᠡ ᠪᠠᠷ ᠰᠢᠨ᠎ᠡ ᠵᠠᠮ | ᠭᠠᠷᠭᠠᠬᠤ ᠶᠢ ᠴᠡᠭᠡᠷᠯᠡᠨ᠎ᠡ᠃ | 14. ᠭᠤᠤᠯ ᠤᠰᠤᠨ ᠤ ᠤᠶᠢᠷ᠎ᠠ ᠡᠷᠤᠢ ᠬᠤᠷᠤᠢ ᠦᠭᠡᠢ ᠪᠡᠶ᠎ᠡ ᠵᠠᠰᠠᠬᠤ ᠶᠢ ᠴᠡᠭᠡᠷᠯᠡᠨ᠎ᠠ᠃ | 15. ᠳᠠᠬᠢᠯᠭ᠎ᠠ ᠰᠢᠲᠦᠭᠡᠨ ᠲᠠᠢ ᠤᠪᠤᠭ᠎ᠠ ᠪᠤᠯᠠᠭ ᠤᠨ ᠲᠡᠷᠭᠡᠳᠡ ᠪᠠᠷ ᠬᠠᠷᠢᠶᠠᠯ ᠵᠦᠬᠡᠯ ᠲᠠᠯᠪᠢᠨ | ᠦᠩᠭᠡᠷᠡᠭᠦ ᠶᠢ ᠴᠡᠭᠡᠷᠯᠡᠨ᠎ᠡ᠃ | 16. ᠨᠠᠭᠤᠷ ᠤᠰᠤᠨ ᠤ ᠬᠤᠵᠠᠷ᠂ ᠲᠠᠪᠤᠰᠤ ᠶᠢ ᠴᠠᠭ ᠬᠤᠭᠤᠴᠠᠭ᠎ᠠ ᠦᠭᠡᠢ᠂ ᠭᠡᠮᠵᠢᠶ᠎ᠡ ᠲᠤᠮᠵᠢᠶ᠎ᠠ ᠦᠭᠡᠢ | ᠠᠪᠬᠤ ᠪᠤᠶᠤ ᠵᠦᠭᠡᠭᠡᠪᠦᠷᠢᠯᠡᠭᠦ ᠶᠢ ᠴᠡᠭᠡᠷᠯᠡᠨ᠎ᠡ᠃ | 17. ᠪᠤᠯᠠᠭ ᠤᠰᠤᠨ ᠤ ᠭᠦᠪᠡᠭᠡᠨ ᠳᠠᠬᠢ ᠮᠤᠳᠤ ᠰᠢᠭᠤᠢ ᠶᠢ ᠲᠤᠷ᠎ᠠ ᠪᠠᠷ ᠤᠬᠲᠤᠯᠠᠬᠤ ᠶᠢ ᠴᠡᠭᠡᠷᠯᠡᠨ᠎ᠡ᠃ |