ᠮᠤᠩᠭᠤᠯᠴᠤᠳ ᠭᠠᠯ ᠢ ᠠᠮᠢ ᠨᠠᠰᠤ᠂ ᠡᠳ᠋ ᠠᠭᠤᠷᠠᠰᠤ ᠶᠢᠨ ᠴᠡᠪᠡᠷ ᠠᠷᠢᠭᠤᠨ ᠬᠦᠴᠦᠨ ᠴᠢᠳᠠᠯ᠂ ᠵᠤᠯ | ᠵᠢᠷᠭᠠᠯ᠂ ᠬᠦᠭᠵᠢᠯ ᠪᠠᠳᠠᠷᠠᠯ ᠤᠨ ᠪᠡᠯᠭᠡ ᠳᠡᠮᠳᠡᠭ ᠭᠡᠵᠤ ᠦᠵᠡᠨ᠂ ᠰᠢᠲᠦᠨ ᠪᠢᠰᠢᠷᠡᠵᠤ᠂ ᠭᠠᠯ ᠤᠨ ᠳᠡᠭᠷᠢ ᠶᠢ | ᠬᠦᠨᠳᠦᠳᠭᠡᠵᠤ᠂ ᠬᠢᠯᠢᠩᠨᠠᠨ ᠲᠤᠭᠰᠢᠷᠠᠬᠤ᠂ ᠪᠤᠵᠠᠷᠲᠤᠵᠤ ᠮᠠᠭᠤᠳᠠᠬᠤ ᠠᠴᠠ ᠬᠢᠴᠢᠶᠡᠨ ᠪᠤᠯᠭᠤᠮᠵᠢᠯᠠᠬᠤ ᠲᠠᠢ | ᠬᠤᠯᠪᠤᠭᠳᠠᠭᠰᠠᠨ ᠴᠡᠭᠡᠷ ᠶᠤᠰᠤ ᠶᠢ ᠡᠷᠲᠡᠨ ᠠᠴᠠ ᠲᠤᠭᠲᠠᠭᠠᠨ ᠳᠠᠭᠠᠭᠰᠠᠭᠠᠷ ᠢᠷᠡᠭᠰᠡᠨ ᠪᠢᠯᠡ᠃ ᠠᠶᠢᠯ ᠤᠨ ᠭᠠᠯ | ᠭᠤᠯᠤᠮᠲᠠ ᠠᠷᠢᠭᠤᠨ ᠳᠠᠷᠬᠠᠨ ᠪᠠᠶᠢᠬᠤ ᠤᠴᠢᠷᠲᠠᠢ ᠪᠦᠭᠡᠳ ᠠᠶᠢᠯ ᠭᠡᠷ ᠪᠠᠳᠤ᠂ ᠠᠮᠤᠷ ᠲᠦᠪᠰᠢᠨ ᠪᠠᠶᠢᠬᠤ ᠶᠢᠨ | ᠪᠡᠯᠭᠡ ᠳᠡᠮᠳᠡᠭ ᠭᠡᠵᠤ ᠦᠵᠡᠳᠡᠭ ᠪᠢᠯᠡ᠃ | ᠭᠠᠯ ᠲᠠᠢ ᠬᠤᠯᠪᠤᠭᠠᠲᠠᠢ ᠡᠳᠡᠭᠡᠷ ᠴᠡᠭᠡᠷ ᠶᠤᠰᠤ ᠨᠢ ᠶᠡᠷᠦᠳᠡ ᠶᠢᠨ ᠴᠡᠭᠡᠷ ᠪᠠ ᠲᠤᠰᠬᠠᠢ ᠴᠡᠭᠡᠷ ᠭᠡᠵᠤ ᠬᠤᠶᠠᠷ | ᠵᠦᠢᠯ ᠪᠠᠶᠢᠵᠠᠢ᠃ | ᠶᠡᠷᠦᠳᠡ ᠶᠢᠨ ᠴᠡᠭᠡᠷ ᠨᠢ᠄ | — ᠭᠠᠯ ᠭᠤᠯᠤᠮᠲᠠ ᠶᠢᠨ ᠳᠡᠭᠡᠭᠦᠷ ᠠᠯᠬᠤᠵᠤ ᠭᠠᠷᠬᠤ︔ | — ᠭᠠᠯ ᠳᠤ ᠬᠦᠯ ᠢᠶᠠᠨ ᠡᠭᠡᠭᠡᠬᠦ︔ | — ᠭᠠᠯ ᠤᠷᠤᠭᠤ ᠠᠯᠴᠠᠶᠢᠵᠤ ᠰᠠᠭᠤᠬᠤ︔ | — ᠭᠠᠯ ᠳᠤ ᠬᠢᠲᠤᠭ᠎ᠠ ᠰᠢᠪᠦᠭᠡ ᠲᠦᠷᠦᠬᠦ︔ | — ᠭᠠᠯ ᠢᠶᠠᠨ ᠬᠠᠷᠢᠶᠠᠵᠤ ᠮᠠᠭᠤᠯᠠᠬᠤ ᠶᠢ ᠢᠮᠠᠭᠲᠠ ᠴᠡᠭᠡᠷᠯᠡᠳᠡᠭ᠃ | — ᠭᠠᠯ ᠳᠤ ᠰᠤᠩᠭᠢᠨ᠎ᠠ᠂ ᠰᠠᠷᠢᠮᠰᠠᠭ ᠤᠨ ᠬᠠᠯᠢᠰᠤ᠂ ᠨᠤᠬᠠᠢ᠂ ᠭᠠᠭ᠋ᠠᠢ᠂ ᠰᠢᠪᠠᠭᠤᠨ ᠤ ᠪᠠᠭᠠᠰᠤ᠂ | ᠦᠳᠦ᠂ ᠬᠦᠯ ᠭᠠᠷ ᠤᠨ ᠬᠢᠮᠤᠰᠤ ᠬᠢᠬᠦ᠂ ᠨᠢᠰᠤ ᠨᠢᠯᠪᠤᠰᠤ ᠪᠠᠨ ᠬᠠᠶᠠᠬᠤ︔ | — ᠰᠠᠶ᠋ᠢ ᠲᠦᠷᠦᠭᠰᠡᠨ ᠡᠬᠡ ᠬᠦᠮᠦᠨ ᠭᠠᠯ ᠳᠤ ᠤᠶᠢᠢᠷᠠᠳᠬᠤ ᠶᠢ ᠴᠡᠭᠡᠷᠯᠡᠳᠡᠭ᠃ ᠡᠨᠡ ᠨᠢ ᠭᠠᠯ | ᠭᠤᠯᠤᠮᠲᠠ ᠶᠢ ᠴᠡᠪᠡᠷ ᠪᠠᠶᠢᠯᠭᠠᠵᠤ᠂ ᠪᠤᠵᠠᠷᠲᠤᠬᠤ ᠠᠴᠠ ᠬᠠᠮᠠᠭᠠᠯᠠᠬᠤ ᠵᠤᠷᠢᠯᠭ᠎ᠠ ᠲᠠᠢ᠃ | — ᠵᠤᠤᠬ᠎ᠠ ᠳᠤᠯᠭᠠᠨ ᠳᠡᠭᠡᠷ᠎ᠡ ᠪᠤᠵᠠᠷ ᠶᠠᠭᠤᠮ᠎ᠠ ᠲᠠᠯᠪᠢᠬᠤ ᠶᠢ ᠴᠡᠭᠡᠷᠯᠡᠨ᠎ᠡ᠃ ᠵᠦᠷᠢᠴᠡᠪᠡᠯ ᠭᠠᠯ ᠤᠨ | ᠳᠡᠭᠷᠢ ᠲᠤᠭᠰᠢᠷᠠᠨ ᠠᠭᠤᠷᠯᠠᠨ᠎ᠠ ᠭᠡᠳᠡᠭ᠃ | — ᠭᠠᠯ ᠳᠤ ᠰᠦ ᠳᠤᠰᠤᠭᠠᠬᠤ᠂ ᠭᠠᠯ ᠳᠡᠭᠡᠷ᠎ᠡ ᠪᠦᠰᠡ ᠡᠷᠭᠢᠭᠦᠯᠬᠦ᠂ ᠴᠢᠰᠤ ᠲᠤᠰᠤᠭᠠᠬᠤ᠂ ᠤᠰᠤ | ᠤᠷᠤᠭᠤᠯᠬᠤ ᠶᠢ ᠴᠡᠭᠡᠷᠯᠡᠨ᠎ᠡ᠃ | — ᠤᠷᠴᠢᠨ ᠦᠶ᠎ᠡ ᠳᠤ ᠡᠳᠦᠷ ᠤᠨ ᠴᠠᠭ ᠲᠤ ᠳᠠᠪᠤᠰᠤ ᠬᠢᠬᠦ ᠶᠢ ᠴᠡᠭᠡᠷᠯᠡᠨ᠎ᠡ᠃ ᠭᠠᠯ ᠤᠨ ᠲᠡᠭᠷᠢ | ᠰᠤᠴᠢᠨ᠎ᠡ ᠭᠡᠳᠡᠭ᠃ ᠨᠢᠭᠤᠷᠯᠠᠭᠰᠠᠨ ᠭᠠᠢ᠂ ᠱᠦᠭᠯᠡᠭᠰᠡᠨ ᠮᠠᠭᠤ ᠶᠠᠭᠤᠮ᠎ᠠ ᠶᠢ ᠵᠠᠶᠢᠯᠠᠭᠤᠯᠤᠨ ᠬᠦᠭᠡᠭᠡᠬᠦ ᠳᠤ ᠪᠤᠯᠤᠨ | ᠬᠡᠦᠬᠡᠳ ᠫᠤᠤ ᠵᠡᠷᠭᠡ ᠶᠢ ᠠᠷᠢᠭᠤᠰᠬᠠᠬᠤ ᠳᠤ ᠭᠠᠯ ᠳᠡᠭᠡᠷ᠎ᠡ ᠳᠠᠪᠤᠰᠤ ᠬᠢᠵᠤ ᠲᠦᠯᠡᠳᠡᠭ᠃ ᠪᠠᠰᠠ ᠴᠢᠳᠭᠦᠷ ᠤᠨ | ᠭᠠᠢ ᠶᠢ ᠬᠦᠭᠡᠭᠡᠬᠦ ᠳᠤ ᠳᠠᠪᠤᠰᠤ ᠲᠦᠯᠡᠳᠡᠭ᠃ ᠡᠩ ᠤᠨ ᠴᠠᠭ ᠲᠤ ᠭᠠᠯ ᠳᠤ ᠳᠠᠪᠤᠰᠤ ᠬᠢᠪᠡᠰᠤ ᠭᠠᠯ ᠤᠨ ᠪᠤᠷᠬᠠᠨ | ᠰᠤᠴᠢᠨ᠎ᠡ ᠭᠡᠳᠡᠭ᠃ | — ᠭᠠᠯ ᠳᠤ ᠰᠢᠷᠠᠯᠵᠢ ᠲᠦᠯᠡᠬᠦ ᠶᠢ ᠴᠡᠭᠡᠷᠯᠡᠨ᠎ᠡ᠃ | — ᠬᠤᠶᠠᠷ ᠭᠡᠷ ᠤᠨ ᠬᠤᠭᠤᠷᠤᠨᠳᠤ ᠤᠳᠤᠭ᠎ᠠ ᠲᠠᠢ ᠭᠠᠯ ᠵᠦᠭᠡᠭᠡᠬᠦ ᠶᠢ ᠴᠡᠭᠡᠷᠯᠡᠨ᠎ᠡ᠃ ᠨᠤᠴᠤᠯᠳᠤᠭᠠᠨ | ᠵᠢᠭᠤᠷᠠᠯᠳᠤᠭᠠᠨ ᠪᠤᠯᠤᠨ᠎ᠡ ᠭᠡᠳᠡᠭ᠃ | — ᠵᠤᠤᠬᠠᠨ ᠤ ᠠᠮᠠ ᠶᠢ ᠰᠡᠲᠡᠷᠬᠡᠢ ᠤᠩᠭᠤᠷᠬᠠᠢ ᠪᠠᠶᠢᠯᠭᠠᠬᠤ ᠶᠢ ᠴᠡᠭᠡᠷᠯᠡᠨ᠎ᠡ᠃ | — ᠬᠡᠦᠬᠡᠳ ᠪᠠᠭᠠᠴᠤᠳ ᠤᠨ ᠭᠠᠯ ᠢᠶᠠᠷ ᠨᠠᠭᠠᠳᠬᠤ ᠶᠢ ᠴᠡᠭᠡᠷᠯᠡᠳᠡᠭ᠃ ᠭᠠᠯ ᠤᠨ ᠲᠡᠭᠷᠢ ᠬᠢᠯᠢᠩᠨᠡᠨ᠎ᠡ | ᠭᠡᠳᠡᠭ᠃ ᠮᠠᠯ ᠰᠠᠷᠨᠢᠬᠤ ᠪᠤᠶᠤ ᠠᠯᠳᠠᠭᠳᠠᠨ᠎ᠠ ᠭᠡᠳᠡᠭ᠃ ᠲᠤᠬᠠᠶᠢᠢᠯᠠᠪᠠᠯ ᠬᠡᠦᠬᠡᠳ ᠪᠠᠭᠠᠴᠤᠳ ᠭᠠᠯ ᠲᠠᠢ ᠴᠤᠴᠠᠯᠢ᠂ | ᠮᠦᠴᠢᠷ᠂ ᠪᠠᠮᠪᠠᠷ ᠪᠠᠷᠢᠵᠤ ᠲᠤᠭᠯᠠᠪᠠᠯ ᠭᠠᠯᠠ ᠠᠯᠳᠠᠨ᠎ᠠ᠂ ᠲᠦᠢᠮᠡᠷ ᠲᠠᠯᠪᠢᠨ᠎ᠡ ᠬᠡᠮᠡᠨ ᠬᠤᠷᠢᠭᠯᠠᠨ᠎ᠠ᠃ | — ᠨᠡᠭᠦᠳᠡᠯ ᠰᠠᠭᠤᠳᠠᠯ ᠬᠢᠭᠰᠡᠨ ᠠᠶᠢᠯ ᠤᠨ ᠭᠠᠯ ᠭᠤᠯᠤᠮᠲᠠ᠂ ᠭᠡᠷ ᠤᠨ ᠪᠠᠭᠤᠷᠢ ᠲᠡᠭᠡᠷ᠎ᠡ ᠶᠠᠰᠤ᠂ ᠦᠰᠦ | ᠦᠯᠡᠳᠡᠬᠦ ᠶᠢ ᠴᠡᠭᠡᠷᠯᠡᠨ᠎ᠡ᠃ ᠵᠦᠷᠢᠴᠡᠪᠡᠰᠤ ᠮᠠᠯ ᠬᠤᠷᠤᠭᠳᠠᠨ᠎ᠠ᠂ ᠪᠤᠶᠠᠨ ᠪᠠᠷᠠᠭᠳᠠᠨ᠎ᠠ᠂ ᠬᠤᠲᠠ ᠬᠠᠷᠠᠯᠠᠨᠡ ᠭᠡᠳᠡᠭ᠃ | | — ᠠᠶᠤᠩᠭ᠎ᠠ ᠴᠠᠬᠢᠯᠭᠠᠨ ᠲᠠᠢ ᠦᠶ᠎ᠡ ᠳᠤ ᠭᠡᠷ ᠤᠨ ᠡᠭᠦᠳᠡ ᠤᠩᠭᠤᠷᠬᠠᠢ᠂ ᠵᠤᠤᠬᠠᠨ ᠤ ᠶᠠᠨᠲᠦᠩ | ᠪᠠᠭᠤᠯᠭᠠᠬᠤ ᠦᠭᠡᠢ ᠪᠠᠶᠢᠬᠤ ᠶᠢ ᠴᠡᠭᠡᠷᠯᠡᠳᠡᠭ᠃ ᠵᠦᠷᠢᠴᠡᠪᠡᠰᠤ ᠲᠡᠭᠷᠢ ᠨᠢᠷᠭᠡᠨ᠎ᠡ᠂ ᠠᠶᠤᠩᠭ᠎ᠠ ᠪᠠᠭᠤᠨ᠎ᠠ ᠭᠡᠵᠤ | ᠦᠵᠡᠳᠡᠭ᠃ | — ᠬᠡᠨ ᠪᠤᠯᠪᠠᠰᠤ ᠠᠶᠢᠯ ᠭᠡᠷ ᠤᠨ ᠬᠢ ᠪᠠᠨ ᠡᠭᠦᠳᠡ᠂ ᠭᠠᠯ ᠭᠤᠯᠤᠮᠲᠠ᠂ ᠬᠤᠶᠢᠮᠤᠷ ᠢ ᠭᠤᠤᠯᠯᠠᠵᠤ | ᠵᠤᠭᠰᠤᠬᠤ᠂ ᠰᠠᠭᠤᠬᠤ ᠶᠢ ᠴᠡᠭᠡᠷᠯᠡᠨ᠎ᠡ᠃ ᠵᠦᠷᠢᠴᠡᠪᠡᠰᠤ ᠪᠤᠷᠬᠠᠨ ᠲᠠᠬᠢᠯ ᠬᠢᠯᠢᠩᠳᠡᠵᠤ᠂ ᠭᠠᠯ ᠭᠤᠯᠤᠮᠲᠠ | ᠴᠦᠪᠲᠦᠨᠡ᠂ ᠵᠦᠭ ᠤᠨ ᠰᠠᠶᠢᠨ ᠭᠠᠯ ᠤᠨ ᠪᠤᠷᠬᠠᠨ ᠤ ᠴᠢᠭ ᠬᠠᠭᠠᠬᠳᠠᠨᠠ ᠭᠡᠵᠤ ᠦᠵᠡᠳᠡᠭ ᠤᠴᠢᠷ ᠠᠴᠠ | ᠠᠶᠢᠯ ᠳᠤ ᠤᠷᠤᠭᠰᠠᠨ ᠬᠡᠦᠬᠡᠳ ᠡᠭᠦᠳᠡ ᠭᠤᠤᠯᠯᠠᠵᠤ ᠵᠤᠭᠰᠤᠳᠠᠭ ᠦᠭᠡᠢ᠂ ᠠᠬᠠᠮᠠᠳ ᠬᠦᠮᠦᠨ᠂ ᠠᠪᠤ ᠡᠵᠢ᠂ ᠬᠡᠨ | ᠴᠤ ᠪᠠᠢ ᠬᠤᠶᠢᠮᠤᠷ ᠢ ᠨᠢ ᠭᠤᠤᠯᠯᠠᠵᠤ ᠰᠠᠭᠤᠳᠠᠭ ᠦᠭᠡᠢ ᠶᠢᠨ ᠤᠴᠢᠷ ᠡᠨᠡ᠃ ᠪᠠᠰᠠ ᠭᠠᠯ ᠭᠤᠯᠤᠮᠲᠠ ᠶᠢᠨ | ᠬᠤᠶᠢᠮᠤᠷ ᠢ ᠭᠤᠤᠯᠯᠠᠨ ᠬᠡᠪᠲᠡᠵᠤ᠂ ᠤᠨᠳᠠᠬᠤ ᠶᠢ ᠴᠡᠭᠡᠷᠯᠡᠳᠡᠭ᠃ | — ᠭᠠᠯ ᠤᠨ ᠬᠠᠶᠢᠴᠢ᠂ ᠦᠯᠢᠶᠡᠭᠦᠷ᠂ ᠰᠢᠯᠡᠭᠡᠪᠦᠷ ᠢ ᠬᠠᠮᠢᠶ᠎ᠠ ᠪᠤᠰᠤ ᠠᠶᠢᠯ ᠳᠤ ᠳᠠᠮᠵᠢᠭᠤᠯᠳᠠᠭ ᠦᠭᠡᠢ᠃ | | — ᠮᠤᠩᠭᠤᠯ ᠠᠶᠢᠯ ᠭᠡᠷ ᠤᠨ ᠭᠠᠯ ᠭᠤᠯᠤᠮᠲᠠ ᠶᠢᠨ ᠭᠤᠤᠯ ᠵᠦᠢᠯ ᠪᠤᠯᠬᠤ ᠲᠤᠯᠭ᠎ᠠ ᠵᠤᠤᠬ᠎ᠠ᠂ ᠬᠠᠶᠢᠴᠢ᠂ | ᠰᠢᠯᠡᠭᠡᠪᠦᠷ ᠲᠡᠷᠢᠭᠦᠲᠡᠨ ᠢ ᠪᠦᠷᠢᠨ ᠪᠦᠲᠦᠨ ᠴᠡᠪᠡᠷ ᠪᠠᠶᠢᠯᠭᠠᠬᠤ ᠶᠢ ᠬᠢᠴᠢᠶᠡᠳᠡᠭ᠃ ᠡᠰᠡ ᠢᠩᠭᠢᠪᠡᠰᠤ ᠭᠠᠯ | ᠪᠤᠵᠠᠷᠲᠤᠨ᠎ᠠ᠂ ᠭᠤᠯᠤᠮᠲᠠ ᠴᠦᠪᠲᠦᠨᠡ ᠭᠡᠨ᠎ᠡ᠃ ᠢᠯᠠᠩᠭᠤᠶ᠎ᠠ ᠵᠤᠤᠬᠠᠨ ᠤ ᠠᠮᠠ ᠤᠩᠭᠤᠷᠬᠠᠢ ᠰᠡᠳᠡᠷᠬᠡᠢ᠂ | ᠶᠠᠨᠲᠦᠩ ᠴᠦᠮᠦᠷᠬᠡᠢ ᠪᠠᠶᠢᠬᠤ ᠶᠢ ᠴᠡᠭᠡᠷᠯᠡᠳᠡᠭ᠃ ᠡᠭᠦᠨ ᠯᠦᠭᠡ ᠠᠳᠠᠯᠢ ᠲᠦᠪ ᠰᠠᠭᠤᠷᠢᠨ ᠤᠨ ᠬᠢᠨ ᠴᠠᠬᠢᠯᠭᠠᠨ | ᠵᠤᠤᠬ᠎ᠠ᠂ ᠫᠢᠰᠢᠩ ᠢᠶᠠᠨ ᠡᠷᠬᠢᠮᠯᠡᠵᠤ᠂ ᠪᠠᠶᠢᠩᠭᠤ ᠴᠡᠪᠡᠷ ᠪᠠᠶᠢᠯᠭᠠᠬᠤ ᠤᠴᠢᠷᠲᠠᠢ᠃ | — ᠮᠤᠩᠭᠤᠯ ᠬᠦᠮᠦᠨ ᠠᠶᠢᠯ ᠭᠡᠷ ᠤᠨ ᠪᠤᠷᠬᠠᠨ ᠳᠠᠬᠢᠯ᠂ ᠭᠠᠯ ᠭᠤᠯᠤᠮᠲᠠ ᠳᠤ ᠮᠠᠭᠤ ᠦᠢᠯᠡ | ᠬᠠᠷᠠᠭᠤᠯᠵᠤ᠂ ᠴᠢᠰᠤ ᠤᠯᠠᠢ ᠬᠦᠷᠭᠡᠬᠦ ᠶᠢ ᠶᠡᠬᠡᠳᠡ ᠴᠡᠭᠡᠷᠯᠡᠳᠡᠭ᠃ ᠢᠩᠭᠢᠪᠡᠰᠤ ᠪᠤᠷᠬᠠᠨ ᠲᠠᠬᠢᠯ ᠬᠢᠯᠢᠩᠨᠡᠵᠤ᠂ ᠭᠠᠯ | ᠭᠤᠯᠤᠮᠲᠠ ᠪᠤᠵᠠᠷᠲᠤᠨ᠎ᠠ ᠭᠡᠵᠤ ᠦᠵᠡᠳᠡᠭ᠃ | — ᠶᠡᠭᠡ ᠨᠠᠶᠢᠷ ᠬᠤᠷᠢᠮ ᠬᠢᠵᠤ ᠪᠤᠢ ᠠᠶᠢᠯ ᠵᠤᠴᠢᠨ ᠭᠡᠶᠢᠴᠢᠨ ᠢ ᠪᠠᠶᠢᠬᠤ ᠵᠤᠤᠬ᠎ᠠ ᠲᠤᠯᠭᠠᠨ ᠤ ᠦᠨᠡᠰᠤ | ᠠᠪᠬᠤ᠂ ᠬᠤᠭ ᠴᠡᠪᠡᠷᠯᠡᠬᠦ ᠶᠢ ᠴᠡᠭᠡᠷᠯᠡᠨ᠂ ᠭᠠᠯ ᠭᠤᠯᠤᠮᠲᠠ᠂ ᠨᠠᠶᠢᠷ ᠬᠤᠷᠢᠮ ᠤᠨ ᠡᠳ᠋ ᠬᠦᠷᠦᠩᠭᠡ ᠶᠢᠨ ᠬᠡᠰᠢᠭ | ᠵᠠᠶᠢᠯᠠᠨᠡ ᠭᠡᠵᠤ ᠦᠵᠡᠳᠡᠭ᠃ | — ᠵᠤᠤᠬ᠎ᠠ ᠲᠤᠯᠭ᠎ᠠ ᠶᠢ ᠬᠦᠮᠦᠷᠢᠵᠤ ᠲᠦᠷᠦᠭᠦᠯᠡᠭᠡ ᠨᠢ ᠬᠠᠷᠠᠭᠤᠯᠵᠤ ᠲᠠᠯᠪᠢᠬᠤ ᠶᠢ ᠴᠡᠭᠡᠷᠯᠡᠨ᠎ᠡ᠃ ᠭᠠᠯ | ᠭᠤᠯᠤᠮᠲᠠ ᠪᠠᠨ ᠳᠤᠷᠤᠮᠵᠢᠯᠠᠪᠠ ᠭᠡᠵᠤ ᠦᠵᠡᠳᠡᠭ᠃ | — ᠲᠤᠯᠭ᠎ᠠ ᠵᠤᠤᠬ᠎ᠠ᠂ ᠭᠤᠯᠤᠮᠲᠠ ᠶᠢᠨ ᠱᠠᠯᠠᠨ ᠤ ᠤᠷᠤᠨ ᠳᠡᠭᠡᠷ᠎ᠡ ᠰᠠᠭᠤᠬᠤ ᠶᠢ ᠴᠡᠭᠡᠷᠯᠡᠨ᠎ᠡ᠃ | — ᠵᠤᠤᠬ᠎ᠠ ᠲᠤᠯᠭᠠᠨ ᠳᠤ ᠭᠤᠲᠤᠯ᠂ ᠲᠤᠳᠤᠭᠤᠵᠢ ᠪᠠᠨ ᠤᠶᠢᠢᠷᠡ ᠲᠠᠯᠪᠢᠨ ᠬᠠᠳᠠᠭᠠᠬᠤ ᠶᠢ ᠴᠡᠭᠡᠷᠯᠡᠨ᠎ᠡ᠃ | ᠦᠯᠦ ᠬᠡᠷᠡᠭᠰᠡᠪᠡᠰᠤ ᠭᠠᠯ ᠤᠨ ᠪᠤᠷᠬᠠᠨ ᠪᠤᠵᠠᠷᠲᠤᠵᠤ ᠬᠢᠯᠢᠩᠨᠡᠨ᠎ᠡ ᠭᠡᠨ᠎ᠠ᠃ | — ᠨᠡᠭᠦᠷᠡᠰᠤ᠂ ᠵᠠᠭ ᠲᠦᠯᠡᠭᠡᠳ ᠡᠷᠦᠬᠡ ᠪᠠᠨ ᠪᠦᠲᠦᠭᠡᠵᠤ᠂ ᠶᠠᠨᠲᠦᠩ ᠢᠶᠠᠨ ᠪᠢᠲᠡᠭᠦᠯᠡᠬᠦ ᠶᠢ ᠴᠡᠭᠡᠷᠯᠡᠨ᠎ᠡ᠃ | ᠵᠦᠷᠢᠴᠡᠪᠡᠰᠤ ᠤᠭᠠᠷᠲᠤᠵᠤ ︵ᠭᠡᠢ ᠳᠤ ᠬᠤᠤᠷᠠᠳᠠᠬᠤ︶ ᠠᠮᠢᠰᠬᠤᠭ᠎ᠠ ᠪᠤᠭᠤᠭᠳᠠᠨᠠ᠂ ᠪᠦᠲᠦᠵᠤ ᠦᠬᠦᠨ᠎ᠡ ᠭᠡᠨ᠎ᠠ᠃ | | — ᠲᠤᠯᠭᠠᠨ ᠤ ᠲᠤᠳᠤᠭᠤᠨ ᠲᠡᠭᠡᠷ᠎ᠡ ᠡᠳ᠋ ᠶᠠᠭᠤᠮ᠎ᠠ᠂ ᠭᠠᠩᠰᠠ ᠪᠠᠷ ᠴᠤᠬᠢᠬᠤ᠂ ᠲᠤᠭᠰᠢᠬᠤ ᠶᠢ | ᠴᠡᠭᠡᠷᠯᠡᠨ᠎ᠡ᠃ ᠳᠠᠶᠢᠨ ᠦᠢᠯᠡᠳᠪᠡᠰᠤ ᠠᠶᠢᠯ ᠭᠡᠷ ᠤᠨ ᠡᠵᠡᠨ ᠤ ᠲᠤᠯᠤᠭᠠᠢ ᠶᠢ ᠲᠤᠭᠰᠢᠭᠰᠠᠨ ᠲᠠᠢ ᠠᠳᠠᠯᠢᠳᠬᠠᠵᠤ | ᠦᠵᠡᠨ᠎ᠡ᠃ | — ᠵᠤᠴᠢᠨ ᠤ ᠦᠭᠡᠳᠡ ᠠᠴᠠ ᠭᠠᠯ ᠤᠨ ᠦᠨᠡᠰᠤ᠂ ᠬᠤᠭ ᠲᠠᠢ ᠰᠠᠪᠠ ᠪᠠᠷᠢᠵᠤ ᠭᠠᠷᠬᠤ ᠶᠢ ᠴᠡᠭᠡᠷᠯᠡᠨ᠎ᠡ᠃ | ᠵᠦᠷᠢᠴᠡᠪᠡᠰᠤ ᠵᠤᠴᠢᠨ ᠢᠶᠠᠨ ᠦᠯᠦ ᠭᠦᠨᠳᠦᠳᠭᠡᠵᠤ᠂ ᠬᠦᠭᠡᠭᠡᠵᠤ ᠳᠠᠭᠤᠭᠰᠠᠨ ᠲᠠᠢ ᠠᠳᠠᠯᠢ ᠪᠤᠯᠤᠨ᠎ᠠ᠃ | — ᠤᠰᠤ᠂ ᠲᠦᠯᠡᠭᠡ ᠬᠤᠶᠠᠷ ᠢ ᠭᠡᠷ ᠲᠤ ᠬᠠᠮᠲᠤ ᠠᠪᠴᠤ ᠢᠷᠡᠬᠦ ᠶᠢ ᠬᠤᠷᠢᠭᠯᠠᠨ᠎ᠠ᠃ ᠤᠴᠢᠷ ᠨᠢ | ᠲᠠᠯᠢᠢᠭᠠᠭᠴᠢᠳ ᠢ ᠤᠷᠤᠰᠢᠭᠤᠯᠬᠤ ᠳᠤ ᠡᠶᠢᠨ ᠦᠢᠯᠡᠳᠳᠡᠭ ᠶᠤᠰᠤ ᠪᠠᠶᠢᠭᠰᠠᠨ ᠪᠦᠭᠡᠳ ᠡᠭᠦᠨ ᠢ ᠶᠡᠷᠦᠳᠡ ᠶᠢᠨ | ᠴᠠᠭ ᠲᠤ ᠴᠡᠭᠡᠷᠯᠡᠳᠡᠭ ᠪᠠᠶᠢᠨ᠎ᠠ᠃ | — ᠦᠨᠡᠰᠤ᠂ ᠬᠤᠭ ᠢᠶᠠᠨ ᠠᠰᠬᠠᠬᠤ ᠳᠤ ᠵᠡᠷᠭᠡᠯᠡᠳᠡᠭᠡ ᠬᠤᠶᠠᠷ ᠭᠡᠷ ᠤᠨ ᠬᠦᠮᠦᠰ ᠬᠠᠨᠢᠰᠴᠤ ᠬᠠᠮᠲᠤ | ᠶᠠᠪᠤᠬᠤ ᠶᠢ ᠴᠡᠭᠡᠷᠯᠡᠨ᠎ᠡ᠃ ᠲᠤᠰ ᠲᠤᠰ ᠤᠨ ᠭᠠᠵᠠᠷ ᠡᠮᠬᠢ ᠴᠡᠭᠴᠡᠲᠡᠢ ᠬᠠᠶᠠᠨ᠎ᠠ᠃ ᠦᠯᠦ ᠬᠡᠷᠡᠭᠰᠡᠪᠡᠰᠤ ᠴᠢᠳᠭᠦᠷ | ᠪᠤᠰᠤᠨᠡ ᠭᠡᠬᠦ ᠪᠤᠶᠤ ᠪᠦᠰᠡᠭᠦᠢ ᠬᠦᠮᠦᠨ ᠠᠮᠤᠷᠵᠢᠬᠤ ᠳᠠᠭᠠᠨ ᠬᠤᠶᠢᠲᠤᠬᠢ ᠨᠢ ᠲᠦᠲᠡᠵᠤ ᠵᠤᠪᠠᠨᠡ ᠭᠡᠳᠡᠭ᠃ | — ᠰᠢᠨ᠎ᠡ ᠠᠶᠢᠯ ᠡᠷᠦᠬᠡ ᠠᠩᠬ᠎ᠠ ᠭᠤᠯᠤᠮᠲᠠ ᠶᠢᠨ ᠭᠠᠯ ᠢᠶᠠᠨ ᠠᠰᠠᠭᠠᠬᠤ ᠳ᠋ᠭᠠᠨ ᠬᠠᠮᠢᠶ᠎ᠠ ᠪᠤᠰᠤ | ᠭᠠᠵᠠᠷ ᠠᠴᠠ ᠭᠠᠯ ᠠᠪᠬᠤ ᠪᠤᠶᠤ ᠦᠪᠡᠷᠰᠡᠳ ᠢᠶᠠᠨ ᠰᠢᠭᠤᠳ ᠠᠰᠠᠭᠠᠬᠤ ᠶᠢ ᠴᠡᠭᠡᠷᠯᠡᠳᠡᠭ᠃ ᠵᠠᠪᠠᠯ ᠶᠡᠭᠡ ᠭᠡᠷ᠂ | ᠡᠴᠢᠭᠡ ᠶᠢᠨ ᠭᠠᠯ ᠭᠤᠯᠤᠮᠲᠠ ᠠᠴᠠ ᠭᠠᠯ ᠵᠠᠯᠠᠨ ᠠᠪᠴᠤ ᠠᠰᠠᠭᠠᠳᠠᠭ ᠶᠤᠰᠤᠨ ᠪᠤᠢ᠃ ᠦᠯᠦ ᠬᠡᠷᠡᠭᠰᠡᠪᠡᠰᠤ ᠤᠳᠤᠮ | ᠤᠭᠰᠠᠭ᠎ᠠ ᠳᠠᠰᠤᠷᠠᠨ᠎ᠠ᠂ ᠶᠠᠰᠤ ᠪᠤᠰᠤ ᠪᠤᠯᠤᠨ᠎ᠡ ᠭᠡᠳᠡᠭ᠃ | — ᠶᠠᠰᠤ ᠪᠠᠷᠢᠭᠰᠠᠨ ᠬᠦᠮᠦᠨ ︵ᠲᠠᠯᠢᠢᠭᠠᠴᠢ ᠳᠤ ᠠᠩᠬ᠎ᠠ ᠭᠠᠷ ᠬᠦᠷᠴᠤ᠂ ᠬᠦᠳᠡᠭᠡᠯᠡᠭᠦᠯᠬᠦ ᠳᠤ | ᠤᠷᠤᠯᠴᠠᠭᠰᠠᠨ ᠬᠦᠮᠦᠨ︶ ᠳᠠᠷᠠᠭ᠎ᠠ ᠨᠢ ᠠᠶᠢᠯ ᠳᠤ ᠡᠷᠡᠭᠡ ᠴᠡᠭᠡᠷ ᠦᠭᠡᠢ ᠤᠷᠤᠬᠤ ᠶᠢ ᠴᠡᠭᠡᠷᠯᠡᠨ᠎ᠡ᠃ ᠵᠠᠶᠢᠯᠠᠪᠤᠷᠢ | ᠦᠭᠡᠢ ᠤᠷᠤᠬᠤ ᠪᠤᠯᠪᠠᠯ ᠬᠤᠶᠠᠷ ᠭᠠᠷ ᠳᠤᠮᠳᠠᠭᠤᠷ ᠭᠠᠷᠴᠤ᠂ ᠡᠰᠡᠪᠡᠯ ᠠᠷᠴᠠ ᠬᠦᠵᠢ ᠪᠠᠷ ᠠᠷᠢᠭᠤᠳᠬᠠᠭᠰᠠᠨ ᠤ | ᠳᠠᠷᠠᠭ᠎ᠠ ᠤᠷᠤᠨ ᠡ᠃ ᠵᠦᠷᠢᠴᠡᠪᠡᠰᠤ ᠲᠡᠷᠡ ᠠᠶᠢᠯ ᠳᠤ ᠡᠬᠦᠭᠡᠷ ᠤᠨ ᠪᠤᠵᠠᠷ ᠢᠷᠡᠨ᠎ᠡ᠂ ᠡᠪᠡᠳᠴᠢᠨ ᠲᠠᠬᠤᠯ ᠭᠠᠢ | ᠵᠤᠪᠠᠯᠠᠩ ᠬᠠᠯᠳᠠᠭᠠᠨ᠎ᠠ ᠭᠡᠨ᠎ᠡ᠃ ᠶᠡᠷᠦ ᠤᠷᠤᠰᠢᠭᠤᠯᠭ᠎ᠠ ᠳᠤ ᠤᠷᠤᠯᠴᠠᠭᠰᠠᠨ ᠬᠦᠮᠦᠰ ᠪᠤᠯᠠᠰᠢᠨ ᠳᠡᠭᠡᠷ᠎ᠡ | ᠢᠷᠡᠭᠰᠡᠨ ᠠᠴᠠ ᠪᠠᠨ ᠦᠭᠡᠷ᠎ᠡ ᠵᠠᠮ ᠢᠶᠠᠷ᠂ ᠡᠷᠭᠢᠵᠤ ᠬᠠᠷᠠᠯ ᠦᠭᠡᠢ ᠪᠠᠷ ᠪᠤᠴᠠᠵᠠᠭᠠᠨ᠎ᠠ᠃ | — ᠭᠠᠯ ᠤᠨ ᠬᠠᠶᠢᠴᠢ᠂ ᠰᠢᠯᠡᠭᠡᠪᠦᠷ ᠢᠶᠠᠷ ᠲᠡᠭᠷᠢ ᠶᠤᠮ ᠤᠤ ᠬᠤᠶᠢᠮᠤᠷ ᠦᠭᠡᠳᠡ᠂ ᠤᠮᠠᠷ᠎ᠠ ᠵᠦᠭ ᠪᠠᠰᠠ | ᠵᠤᠴᠢᠨ ᠤᠷᠤᠭᠤ ᠴᠢᠭᠯᠡᠭᠦᠯᠬᠦ ᠴᠡᠭᠡᠷ ᠲᠠᠢ᠃ ᠭᠠᠯ ᠤᠨ ᠬᠠᠶᠢᠴᠢ ᠬᠦ᠋ ᠲᠠᠢ ᠲᠤᠯᠠ ᠭᠦᠨᠳᠦᠲᠡᠢ ᠵᠦᠭ᠂ ᠭᠦᠨᠳᠦᠲᠡᠢ | ᠶᠠᠭᠤᠮ᠎ᠠ ᠤᠷᠤᠭᠤ ᠬᠠᠷᠠᠭᠤᠯᠳᠠᠭ ᠦᠭᠡᠢ᠃ | — ᠭᠠᠯ ᠤᠨ ᠬᠠᠶᠢᠴᠢ ᠶᠢ ᠭᠡᠷ ᠲᠤ᠂ ᠭᠠᠳᠠᠭ᠎ᠠ ᠬᠠᠮᠢᠭ᠎ᠠ ᠴᠤ ᠠᠩᠭᠠᠶᠢᠢᠯᠭᠠᠵᠤ ᠲᠠᠯᠪᠢᠬᠤ ᠶᠢ ᠴᠡᠭᠡᠷᠯᠡᠨ᠎ᠡ᠃ | ᠦᠯᠦ ᠬᠡᠷᠡᠭᠰᠡᠪᠡᠰᠤ ᠲᠡᠷᠡ ᠠᠶᠢᠯ ᠳᠤ ᠬᠡᠯᠡ ᠠᠮᠠ᠂ ᠬᠡᠷᠡᠭᠦᠯ ᠱᠤᠤᠭᠢᠶᠠᠨ ᠪᠤᠯᠬᠤ ᠶᠢᠨ ᠢᠷ᠊ ᠤᠡ ᠶᠤᠮ᠃ | — ᠭᠠᠯ ᠤᠨ ᠭᠠᠵᠠᠭᠤ ᠳᠤ ᠰᠦᠬᠡ ᠪᠠᠷ ᠮᠤᠳᠤ ᠶᠠᠰᠤ ᠴᠠᠪᠴᠢᠬᠤ ᠶᠢ ᠴᠡᠭᠡᠷᠯᠡᠨ᠎ᠡ᠃ ᠭᠠᠯ ᠤᠨ ᠪᠤᠷᠬᠠᠨ | ᠤᠷᠤᠩᠭᠠᠨᠨᠠᠨᠠ ᠭᠡᠨ᠎ᠡ᠃ | — ᠤᠰᠤ᠂ ᠦᠨᠡᠰᠦᠨ ᠳᠤ ᠪᠤᠯᠤᠨ ᠠᠶᠢᠯ ᠤᠨ ᠬᠤᠲᠠᠨ ᠳᠤ ᠰᠢᠭᠡᠬᠦ ᠶᠠᠪᠤᠳᠠᠯ ᠢ ᠬᠠᠲᠠᠭᠤ ᠬᠤᠷᠢᠭᠯᠠᠨ᠎ᠡ᠃ | ᠭᠠᠯ ᠤᠨ ᠰᠠᠬᠢᠭᠤᠰᠤ ᠬᠢᠯᠢᠩᠨᠡᠨ᠎ᠡ᠃ ᠢᠯᠠᠩᠭᠤᠶ᠎ᠠ ᠡᠮᠡᠭᠲᠡᠢ ᠬᠦᠮᠦᠨ ᠦᠨᠡᠰᠦᠨ ᠳᠡᠭᠡᠷ᠎ᠡ ᠰᠢᠭᠡᠬᠦ ︵ᠭᠡᠭᠦᠦ ᠰᠠᠭᠠᠬᠤ | ︶ ᠶᠢ ᠴᠡᠭᠡᠷᠯᠡᠳᠡᠭ᠃ | — ᠭᠠᠯ ᠳᠤ ᠠᠮᠠ ᠭᠠᠷᠬᠤ ᠶᠢ ᠴᠡᠭᠡᠷᠯᠡᠨ᠎ᠡ᠃ ᠠᠮᠠ ᠭᠠᠷᠪᠠᠰᠤ ᠭᠠᠯ ᠤᠨ ᠠᠶᠤᠯ ᠳᠤ ᠦᠷᠲᠦᠨᠠ ᠬᠡᠨ᠎ᠠ᠃ | ᠶᠡᠷᠦ ᠨᠢ ᠮᠤᠩᠭᠤᠯᠴᠤᠳ ᠭᠠᠯ᠂ ᠤᠰᠤᠨ ᠳᠤ ᠠᠮᠠ ᠭᠠᠷᠪᠠᠯ ᠭᠠᠯ ᠤᠰᠤᠨ ᠤ ᠭᠠᠰᠢᠭᠤᠨ ᠵᠤᠪᠠᠯᠠᠩ ᠢᠷᠡᠨ᠎ᠠ ᠬᠡᠵᠦ | ᠦᠵᠡᠵᠦ᠂ ᠶᠡᠭᠡ ᠪᠤᠯᠭᠤᠮᠵᠢᠯᠠᠨ ᠰᠡᠵᠢᠭᠯᠡᠳᠡᠭ ᠲᠡᠳᠦᠢ ᠦᠭᠡᠢ ᠡᠯ᠎ᠠ ᠠᠰᠠᠭᠤᠳᠠᠯ ᠳᠤ ᠠᠮᠠ ᠭᠠᠷᠤᠭᠰᠠᠨ ᠠᠴᠠ ᠶᠡᠭᠡ | ᠠᠶᠤᠯ ᠳᠤ ᠦᠷᠲᠦᠭᠰᠡᠨ ᠵᠢᠱᠢᠶ᠎ᠠ ᠪᠠᠷᠢᠮᠳᠠ᠂ ᠦᠯᠢᠭᠡᠷ ᠳᠤᠮᠤᠭ ᠤᠯᠠᠨ ᠪᠠᠶᠢᠳᠠᠭ᠃ | — ᠭᠤᠯᠤᠮᠳᠠ ᠭᠠᠯ ᠲᠡᠭᠡᠷ᠎ᠠ ᠤᠰᠤ ᠠᠰᠬᠠᠬᠤ ᠶᠢ ᠴᠡᠭᠡᠷᠯᠡᠨ᠎ᠠ᠃ ᠠᠰᠬᠠᠪᠠᠰᠤ ᠭᠠᠯ ᠭᠤᠯᠤᠮᠲᠠ ᠪᠠᠯᠠᠷᠠᠬᠤ | ᠂ ᠮᠠᠭᠤ ᠢᠷᠸ᠎ᠠ ᠬᠡᠮᠡᠨ ᠵᠢᠭᠰᠢᠨ᠎ᠡ᠃ ᠶᠡᠷᠦ ᠨᠢ ᠭᠠᠯ ᠤᠰᠤ ᠬᠤᠶᠠᠷ ᠬᠠᠷᠰᠢ ᠤᠴᠢᠷ ᠲᠠᠶᠢᠨ ᠬᠦ ᠴᠡᠭᠡᠷᠯᠡᠨ᠎ᠠ᠃ ᠬᠡᠷᠪᠡ | ᠵᠠᠶᠢᠯᠠᠪᠦᠷᠢ ᠦᠭᠡᠢ ᠭᠠᠯ ᠤᠨᠲᠠᠷᠠᠭᠠᠬᠤ ᠪᠠᠴᠢᠭᠤ ᠬᠡᠷᠡᠭ ᠲᠤᠬᠢᠶᠠᠯᠳᠤᠪᠠᠯ ᠭᠠᠯ ᠤᠨ ᠪᠤᠷᠬᠠᠨ ᠲᠠ ᠬᠦᠯ ᠢᠶᠠᠨ | ᠲᠠᠲᠠᠭᠠᠷᠠᠢ ᠬᠡᠮᠡᠨ ᠬᠡᠯᠡᠵᠦ ᠠᠷᠢᠯᠭᠠᠳᠠᠭ᠃ | — ᠭᠤᠯᠤᠮᠳᠠ ᠶᠢᠨ ᠭᠠᠯ ᠳᠤ ᠪᠤᠬᠢᠷ ᠡᠳ᠋ ᠶᠠᠭᠤᠮ᠎ᠠ᠂ ᠬᠤᠭ ᠰᠢᠲᠠᠭᠠᠬᠤ ᠶᠢ ᠴᠡᠭᠡᠷᠯᠡᠨ᠎ᠠ᠃ ᠭᠠᠯ ᠤᠨ | ᠪᠤᠷᠬᠠᠨ ᠬᠢᠯᠢᠩᠨᠡᠨ᠎ᠠ᠂ ᠪᠤᠵᠠᠷᠲᠤᠨ᠎ᠠ᠂ ᠵᠠᠶᠢᠯᠠᠨ᠎ᠠ ᠬᠡᠮᠡᠨ ᠦᠵᠡᠬᠦ ᠲᠤᠯᠠ ᠡᠶᠢᠨ ᠬᠦ ᠦᠯᠦ ᠰᠢᠲᠠᠭᠠᠨ᠎ᠠ᠃ | — ᠭᠤᠯᠤᠮᠲᠠ ᠶᠢᠨ ᠲᠤᠯᠭ᠎ᠠ᠂ ᠵᠤᠤᠬᠠᠨ ᠤ ᠦᠨᠡᠰᠦ ᠶᠢ ᠪᠤᠵᠢᠭᠢᠨᠠᠭᠤᠯᠬᠤ᠂ ᠰᠠᠮᠤᠷᠲᠠᠬᠤ ᠶᠢ ᠴᠡᠭᠡᠷᠯᠡᠨ᠎ᠠ᠃ | | — ᠭᠤᠯᠤᠮᠲᠠ ᠶᠢᠨ ᠴᠢᠨᠢ ᠦᠨᠡᠰᠦ ᠶᠢ ᠬᠡᠶᠢᠰᠭᠡᠨᠠ᠂ ᠭᠤᠯᠤᠮᠲᠠ ᠶᠢ ᠴᠢᠨᠢ ᠰᠠᠮᠤᠷᠤᠨ᠎ᠠ ᠬᠡᠬᠦ ᠪᠤᠶᠤ | ᠭᠤᠯᠤᠮᠲᠠ ᠶᠢ ᠴᠢᠨᠢ ᠪᠠᠯᠠᠯᠤᠨ᠎ᠠ ᠬᠡᠬᠦᠴᠢᠯᠡᠨ ᠬᠠᠷᠢᠶᠠᠯ ᠬᠡᠯᠡᠬᠦ ᠶᠢ ᠴᠡᠭᠡᠷᠯᠡᠨ᠎ᠠ᠃ ᠵᠦᠷᠢᠴᠡᠪᠡᠰᠦ ᠠᠮᠠᠨ ᠤ ᠠᠯᠳᠠᠭ᠎ᠠ | ᠶᠡᠭᠡ ᠨᠢᠭᠦᠯ ᠪᠤᠯᠤᠨ᠎ᠠ ᠭᠡᠳᠡᠭ᠃ | — ᠭᠠᠳᠠᠨ᠎ᠠ ᠠᠴᠠ ᠲᠠᠰᠢᠭᠤᠷ ᠬᠢᠳᠤᠭ᠎ᠠ ᠮᠡᠰᠡ᠂ ᠫᠤᠤ ᠰᠢᠳᠡᠮ ᠪᠡᠶ᠎ᠠ ᠳᠡᠭᠡᠨ ᠠᠭᠰᠢᠭᠰᠠᠨ ᠬᠦᠮᠦᠨ | ᠤᠷᠤᠳᠠᠭ ᠦᠭᠡᠢ᠃ ᠦᠯᠦ ᠬᠡᠷᠡᠭᠰᠡᠪᠡᠰᠦ ᠠᠶᠢᠯ ᠤᠨ ᠭᠠᠯ ᠭᠤᠯᠤᠮᠲᠠ ᠬᠦᠨᠦᠭᠡᠬᠦ ᠮᠠᠭᠤ ᠢᠷ᠊ ᠤᠠ᠋ ᠤᠳᠤᠯ᠎ᠠ ᠬᠡᠬᠦ | ᠪᠤᠶᠤ ᠭᠠᠯ ᠤᠨ ᠪᠤᠷᠬᠠᠨ ᠰᠢᠷᠠᠭᠳᠠᠨᠠ᠂ ᠬᠢᠯᠢᠩᠨᠡᠨ᠎ᠠ᠃ | — ᠲᠤᠯᠭ᠎ᠠ᠂ ᠵᠤᠤᠬ᠎ᠠ ᠶᠢ ᠨᠡᠭᠦᠵᠦ ᠰᠠᠭᠤᠬᠤ ᠳᠠᠭᠠᠨ ᠠᠴᠢᠶ᠎ᠠ ᠬᠦᠰᠭᠡ ᠲᠡᠭᠡᠷ᠎ᠠ ᠬᠠᠮᠢᠶ᠎ᠠ ᠦᠭᠡᠢ | ᠠᠴᠢᠬᠤ ᠶᠢ ᠴᠡᠭᠡᠷᠯᠡᠨ᠎ᠠ᠃ ᠲᠡᠳᠡᠭᠡᠷ ᠢ ᠵᠤᠷᠢᠭᠤᠲᠠ ᠠᠴᠢᠶᠠᠨ ᠤ ᠲᠡᠭᠡᠷ᠎ᠠ ᠲᠠᠯᠪᠢᠵᠦ᠂ ᠡᠪᠳᠡᠷᠡᠵᠦ ᠬᠡᠮᠬᠡᠷᠡᠬᠦ ᠠᠴᠠ | ᠪᠤᠯᠭᠤᠮᠵᠢᠯᠠᠵᠤ᠂ ᠵᠦᠭᠡᠯᠡᠨ ᠲᠠᠲᠠᠭᠠᠨ ᠳᠤ ᠤᠷᠤᠭᠤᠯᠵᠤ᠂ ᠬᠠᠶᠠᠭᠳᠠᠨ ᠭᠡᠭᠡᠭᠲᠡᠬᠦ ᠠᠴᠠ ᠰᠡᠷᠡᠮᠵᠢᠯᠡᠵᠦ᠂ ᠪᠠᠲᠤ ᠪᠠᠬᠢ | ᠲᠠᠷᠤᠭᠤᠯᠤᠨ᠎ᠠ᠃ ᠡᠨᠡ ᠨᠢ ᠭᠠᠯ ᠭᠤᠯᠤᠮᠳᠠ ᠪᠠᠨ ᠲᠡᠭᠡᠲᠦᠯᠡᠬᠦ ᠶᠢᠨ ᠤᠴᠢᠷ ᠤᠳᠬ᠎ᠠ ᠲᠠᠢ ᠬᠤᠯᠪᠤᠭ᠎ᠠ ᠲᠠᠢ ᠪᠤᠯᠤᠨ᠎ᠠ᠃ | | — ᠭᠠᠯ ᠤᠨ ᠲᠠᠬᠢᠯᠭ᠎ᠠ ᠳᠤ ᠤᠷᠤᠳᠠᠭ ᠬᠠᠷᠭᠠᠨ᠎ᠠ᠂ ᠬᠠᠶᠢᠯᠠᠰᠤ ᠵᠡᠷᠭᠡ ᠮᠤᠲᠤ ᠪᠠᠷ ᠭᠡᠷ ᠤᠨ ᠤᠨᠢ᠂ | ᠲᠤᠭᠤᠨᠤ᠂ ᠬᠠᠨ᠎ᠠ ᠬᠢᠬᠦ ᠶᠢ ᠴᠡᠭᠡᠷᠯᠡᠳᠡᠭ ᠨᠢ ᠭᠠᠯ ᠤᠨ ᠠᠶᠤᠯ ᠲᠦᠢᠮᠡᠷ ᠭᠠᠷᠬᠤ ᠳᠤ ᠠᠮᠠᠷᠬᠠᠨ ᠭᠡᠵᠦ | ᠦᠵᠡᠳᠡᠭ ᠲᠠᠢ ᠬᠤᠯᠪᠤᠭ᠎ᠠ ᠲᠠᠢ᠃ | — ᠬᠦᠮᠦᠨ ᠤ ᠬᠦᠯᠳᠡᠵᠦ ᠭᠡᠮᠳᠦᠭᠰᠡᠨ ᠡᠷᠬᠡᠲᠡᠨ ᠢ ᠭᠠᠯ ᠳᠤ ᠭᠡᠰᠭᠡᠳᠡᠭ ᠦᠭᠡᠢ ︵ᠦᠵᠡᠭᠦᠯᠳᠡᠭ ᠦᠭᠡᠢ︶᠃ | ᠬᠠᠷᠢᠨ ᠬᠦᠯᠳᠡᠭᠰᠡᠨ ᠬᠡᠰᠡᠭ ᠲᠤ ᠨᠢ ᠬᠤᠵᠢᠷ ᠲᠦᠷᠬᠢᠬᠦ ᠪᠠ ᠬᠦᠢᠲᠡᠨ ᠤᠰᠤᠨ ᠳᠤ ᠲᠦᠷᠢᠵᠦ ᠭᠡᠰᠭᠡᠳᠡᠭ᠃ | ᠡᠭᠦᠨ ᠲᠠᠢ ᠠᠳᠠᠯᠢ ᠬᠤᠭᠤᠯᠠᠨ ᠤ ᠬᠦᠯᠳᠡᠭᠦᠦ ᠬᠤᠯᠢᠴᠠ ᠮᠢᠬ᠎ᠠ ᠲᠡᠷᠢᠭᠦᠲᠡᠨ ᠬᠢᠭᠡᠳ ᠬᠦᠯᠳᠡᠬᠦᠦ ᠮᠦᠰᠦ ᠶᠢ | ᠬᠠᠯᠠᠭᠤᠨ ᠤᠰᠤᠨ ᠳᠤ ᠪᠤᠰᠤ ᠬᠦᠢᠲᠡᠨ ᠤᠰᠤᠨ ᠳᠤ ᠬᠢᠪᠡᠯ ᠬᠤᠷᠲᠤᠨ ᠭᠡᠰᠴᠤ ᠬᠠᠶᠢᠯᠤᠨ᠎ᠠ ᠭᠡᠵᠦ ᠦᠵᠡᠳᠡᠭ᠃ | ᠲᠤᠰᠬᠠᠢ ᠴᠡᠭᠡᠷ᠄ | ᠭᠠᠯ ᠲᠠᠬᠢᠭᠰᠠᠨ ᠤ ᠲᠠᠷᠠᠭ᠎ᠠ 3 ᠡᠳᠦᠷ ᠭᠠᠯ ᠤᠨ ᠴᠡᠭᠡᠷ ᠬᠢᠳᠡᠭ᠃ | — ᠡᠨᠡ ᠭᠤᠷᠪᠠᠨ ᠬᠤᠨᠤᠭ ᠲᠤ ᠭᠡᠷ ᠠᠴᠠ ᠭᠠᠳᠠᠭᠰᠢ ᠨᠢ ᠶᠠᠮᠠᠷᠪᠠ ᠨᠢᠭᠡ ᠶᠠᠭᠤᠮ᠎ᠠ ᠭᠠᠷᠭᠠᠬᠤ ᠶᠢ | ᠴᠡᠭᠡᠷᠯᠡᠳᠡᠭ᠃ ᠭᠠᠷᠭᠠᠪᠠᠯ ᠬᠡᠰᠢᠭ ᠪᠤᠶᠠᠨ ᠨᠢ ᠶᠠᠪᠤᠴᠢᠬᠠᠨᠡ ᠭᠡᠨ᠎ᠡ᠃ | — ᠤᠨᠴᠠᠭᠠᠢ ᠤᠴᠢᠷ ᠢᠶᠠᠷ ᠭᠠᠳᠠᠭᠰᠢ ᠨᠢ ᠶᠠᠭᠤᠮ᠎ᠠ ᠭᠠᠷᠭᠠᠬᠤ ᠪᠤᠯᠪᠠᠯ ᠭᠠᠳᠠᠭ᠎ᠠ ᠰᠠᠪᠠᠨ ᠳᠤ ᠰᠡᠮᠬᠡᠨ | ᠬᠢᠵᠤ ᠲᠠᠯᠪᠢᠳᠠᠭ᠃ ᠠᠪᠬᠤ ᠬᠦᠮᠦᠨ ᠴᠤ ᠳᠠᠭᠤ ᠴᠢᠮᠡᠭᠡ ᠦᠭᠡᠢ ᠪᠠᠷ ᠠᠪᠴᠤ ᠶᠠᠪᠤᠳᠠᠭ᠃ | — ᠭᠠᠯ ᠳᠠᠬᠢᠭᠰᠠᠨ ᠤ ᠳᠠᠷᠠᠭ᠎ᠠ ᠭᠤᠷᠪᠠᠨ ᠡᠳᠦᠷ ᠦᠷᠯᠦᠭᠡ ᠡᠷᠲᠡ ᠭᠠᠯ ᠳᠠᠭᠠᠨ ᠮᠦᠷᠭᠦᠳᠡᠭ᠃ | — ᠭᠤᠷᠪᠠ ᠬᠤᠨᠤᠭ ᠦᠨᠡᠰᠤ ᠭᠠᠳᠠᠭᠰᠢ ᠭᠠᠷᠭᠠᠬᠤ ᠶᠢ ᠴᠡᠭᠡᠷᠯᠡᠳᠡᠭ᠃ | — ᠭᠠᠯ ᠲᠠᠬᠢᠬᠤ ᠦᠶ᠎ᠡ ᠳᠤ ᠭᠠᠯ ᠤᠨ ᠬᠠᠶᠢᠴᠢ ᠶᠢ ᠢᠯᠡ ᠪᠠᠶᠢᠯᠭᠠᠬᠤ ᠶᠢ ᠴᠡᠭᠡᠷᠯᠡᠨ᠎ᠡ᠃ ᠵᠠᠪᠠᠯ ᠳᠠᠯᠳᠠ | ᠬᠢᠨ᠎ᠡ᠃ ᠵᠦᠷᠢᠴᠡᠪᠡᠰᠤ ᠭᠠᠯ ᠤᠨ ᠪᠤᠷᠬᠠᠨ ᠰᠤᠴᠢᠨ᠎ᠡ ᠭᠡᠨ᠎ᠡ᠃ | — ᠭᠠᠯ ᠳᠠᠬᠢᠵᠤ ᠠᠷᠢᠬᠢ᠂ ᠲᠤᠰᠤ ᠡᠷᠭᠦᠭᠦ ᠦᠶᠡᠰ ᠵᠢᠷᠮᠦᠰᠦᠨ ᠡᠮᠡᠭᠲᠡᠢ ᠤᠶᠢᠢᠷ᠎ᠠ ᠪᠠᠶᠢᠬᠤ ᠶᠢ | ᠴᠡᠭᠡᠷᠯᠡᠨ᠎ᠡ᠃ ᠵᠦᠷᠢᠴᠡᠪᠡᠰᠤ ᠭᠠᠯ ᠤᠨ ᠪᠤᠷᠬᠠᠨ ᠰᠤᠴᠢᠨ᠎ᠡ᠂ ᠤᠷᠤᠭ ᠤᠨᠠᠬᠤ ᠪᠤᠶᠤ ᠦᠷ᠎ᠡ ᠵᠤᠯᠪᠢᠨᠡ ᠭᠡᠳᠡᠭ᠃ | ᠭᠠᠯ ᠤᠨᠲᠠᠷᠠᠭᠠᠬᠤ ᠳᠠᠭᠠᠨ ᠴᠤᠬᠢᠬᠤ᠂ ᠭᠢᠰᠭᠢᠬᠦ᠂ ᠭᠠᠯ ᠤᠷᠤᠭᠤ ᠤᠰᠤ ᠬᠢᠬᠦ ᠶᠢ ᠨᠡᠩ ᠴᠡᠭᠡᠷᠯᠡᠳᠡᠭ᠃ | ᠦᠨᠡᠰᠤ ᠪᠤᠲᠠᠷᠠᠪᠠᠯ ᠬᠡᠶᠢᠮᠤᠷᠢ ᠳᠤᠷᠦ᠋ᠢᠲᠠᠨᠠ ᠭᠡᠨ᠎ᠡ᠃ ᠡᠶᠢᠮᠤ ᠠᠴᠠ ᠤᠰᠤ ᠪᠠᠷ ᠭᠠᠯ ᠤᠨᠲᠠᠷᠠᠭᠠᠬᠤ ᠱᠠᠭᠠᠷᠳᠠᠯᠭ᠎ᠠ | ᠵᠠᠶᠢᠯᠠᠰᠢ ᠦᠭᠡᠢ ᠭᠠᠷᠪᠠᠯ ᠤᠷᠢᠳᠠᠪᠠᠷ ᠭᠠᠯ ᠤᠨ ᠲᠡᠭᠷᠢ ᠬᠦᠯ ᠢᠶᠠᠨ ᠠᠪᠴᠤ ᠪᠠᠢ ᠭᠡᠵᠤ ᠵᠠᠯᠪᠠᠷᠢᠳᠠᠭ᠃ | ᠢᠷᠡᠯᠲᠡ᠄ ︽ᠰᠤᠷᠭᠠᠯ︾᠂ ︽ᠪᠤᠳ᠋ᠳ᠋ᠾᠠ︾ ᠵᠢᠷᠭᠢᠶ᠎ᠡ ᠶᠢᠨ ᠳᠠᠪᠴᠠᠩ | |