ᠠᠯᠳᠠᠨ ᠲᠡᠪᠰᠢ ᠶᠢᠨ ᠠᠭᠤᠯᠠ ᠶᠢᠨ ᠥᠡᠭᠭᠡ ᠥᠵᠡᠮᠵᠢ
ᠨᠡᠶᠢᠲᠡᠯᠡᠭᠰᠡᠨ ᠴᠠᠭ᠄
2020/10/13
      ᠠᠯᠳᠠᠨ ᠲᠡᠪᠰᠢ ᠶᠢᠨ ᠠᠭᠤᠯᠠ ᠨᠢ ᠠᠯᠠᠱᠠ ᠪᠠᠷᠠᠭᠤᠨ ᠬᠤᠰᠢᠭᠤᠨ ᠤ ᠠᠯᠳᠠᠨᠴᠤᠬ ᠰᠤᠮᠤᠨ ᠳᠤ ᠪᠠᠶᠢᠷᠢᠰᠢᠳᠠᠬ᠃ ᠪᠠᠳᠠᠢ ᠶᠢᠨ ᠵᠢᠷᠠᠨ ᠪᠠᠯᠭᠠᠰᠤᠨ ᠠᠴᠠ ᠲᠠᠯᠠ ᠰᠢᠬᠠᠮ ᠺᠢᠯᠤᠮᠧᠲᠷ ᠵᠠᠶᠢᠳᠠᠢ᠂ ᠬᠠᠮᠤᠬ ᠥᠨᠳᠤᠷ ᠤᠷᠬᠢᠯ ᠨᠢ ᠤᠯᠢᠶᠠᠰᠤᠨ ᠭᠡᠳᠡᠭ᠂ ᠲᠠᠯᠠᠢ ᠶᠢᠨ ᠲᠥᠪᠰᠢᠨ ᠠᠴᠠ ᠲᠡᠭᠡᠭᠰᠢ ᠪᠠᠷᠤᠬ 3000 ᠺᠢᠯᠤᠮᠧᠲᠷ ᠪᠠᠶᠢᠳᠠᠬ᠃ ᠡ᠊ᠨᠳᠡ ᠡᠳᠡᠭᠡᠳ ᠭᠤᠶᠤ ᠥᠡᠭᠭᠡ ᠥᠵᠡᠮᠵᠢ ᠲᠠᠢ ᠪᠥᠭᠡᠳ ᠥᠡᠭ ᠰᠢᠮᠡᠯᠢᠭ ᠡᠪᠡᠰᠤ ᠪᠡᠯᠴᠢᠭᠡᠷ ᠲᠠᠢ᠃       ︽ᠮᠤᠩᠭᠤᠯ ᠤᠨ ᠨᠢᠭᠤᠴᠠ ᠲᠤᠪᠴᠢᠶᠠᠨ︾᠎ ᠤ ᠲᠡᠮᠳᠡᠭᠯᠡᠯ ᠢ ᠥᠨᠳᠤᠰᠤᠯᠡᠪᠡᠯ᠂ ᠡᠷᠳᠡ ᠲᠡᠭᠡᠳᠤ ᠥᠶ᠎ᠠ ᠳᠤ ᠴᠢᠩᠬᠢᠰ ᠬᠠᠭᠠᠨ ᠲᠠᠩᠭᠤᠳ ᠤᠯᠤᠰ ︵ᠪᠠᠷᠠᠭᠤᠨ ᠰᠢᠶᠠ︶᠎ ᠢ ᠲᠠᠶᠢᠯᠠᠨ ᠪᠠᠭᠤᠯᠭᠠᠵᠤ ᠠᠪᠬᠤ ᠳᠤ ᠪᠠᠨ ᠡᠨᠡᠬᠦ ᠠᠯᠳᠠᠨ ᠲᠡᠪᠰᠢ ᠶᠢᠨ ᠠᠭᠤᠯᠠᠨ ᠳᠤ ᠢᠷᠡᠵᠤ ᠴᠡᠷᠢᠭ ᠮᠤᠷᠢ ᠪᠠᠨ ᠠᠮᠠᠷᠠᠭᠤᠯᠤᠨ ᠵᠤᠰᠠᠵᠤ᠂ ᠭᠤᠨᠠᠨ ᠥᠭᠡᠷ ᠨᠢᠳᠤᠯᠵᠤ᠂ ᠨᠢᠭᠡᠨ ᠬᠠᠪᠳᠠᠭᠠᠢ ᠲᠤᠮᠤ ᠴᠢᠯᠠᠭᠤᠨ ᠲᠡᠪᠰᠢ ᠲᠡᠭᠡᠷ᠎ᠠ ᠲᠠᠯᠪᠢᠨ ᠬᠥᠭᠡ ᠲᠡᠭᠷᠢ ᠪᠠᠨ ᠲᠠᠬᠢᠵᠤ ᠭᠡᠨ᠎ᠠ᠃ ᠢᠡᠭᠬᠢᠭᠡᠳ ᠨᠠᠮᠤᠷ ᠪᠤᠯᠬᠤ ᠳᠤ ᠲᠠᠩᠭᠤᠳ ᠤᠯᠤᠰ ᠤᠨ ᠬᠤᠶᠢᠳᠤ ᠭᠡᠰᠡᠭ ᠭᠠᠵᠠᠷ ᠢ ᠨᠢᠭᠡ ᠯᠡ ᠲᠡᠭᠡᠷ᠎ᠠ ᠲᠠᠶᠢᠯᠠᠨ ᠲᠠᠭᠠᠭᠤᠯᠤᠬᠰᠠᠨ ᠲᠤᠮᠤᠬ ᠤᠯᠠᠮᠵᠢᠯᠠᠯ ᠲᠠᠢ ᠠᠵᠢ᠃ ᠰᠡᠬᠦᠯᠡᠷ ᠨᠢ ᠡ᠊ᠨᠳᠡᠬᠢ ᠮᠤᠩᠭᠤᠯᠴᠤᠳ ᠲᠡᠷᠡᠬᠦ ᠬᠠᠪᠳᠠᠭᠠᠢ ᠴᠢᠯᠠᠭᠤᠨ ᠲᠡᠪᠰᠢ ᠶᠢ ᠡᠵᠡᠨ ᠴᠢᠩᠬᠢᠰ ᠬᠠᠭᠠᠨ ᠤ ᠠᠯᠳᠠᠨ ᠲᠡᠪᠰᠢ ᠭᠡᠮᠡᠨ ᠬᠠᠵᠠᠭᠤ ᠳᠤ ᠨᠢ ᠤᠪᠤᠭ᠎ᠠ ᠪᠤᠰᠬᠠᠨ ᠰᠢᠳᠤᠨ ᠲᠠᠬᠢᠵᠤ᠂ ᠲᠤᠰ ᠠᠯᠳᠠᠨ ᠲᠡᠪᠰᠢ ᠶᠢᠨ ᠪᠠᠶᠢᠭ᠎ᠠ ᠠᠭᠤᠯᠠ ᠶᠢ ᠨᠢ ᠠᠯᠳᠠᠨ ᠲᠡᠪᠰᠢ ᠶᠢᠨ ᠠᠭᠤᠯᠠ ᠭᠡᠵᠤ ᠨᠡᠷᠡᠯᠡᠵᠡᠢ᠃
 
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号