ᠡᠯᠡᠰᠥ ᠶᠢ ᠲᠣᠭᠳᠠᠪᠣᠷᠢᠵᠢᠭᠤᠯᠬᠤ ᠭᠡᠳᠥᠨ ᠵᠥᠢᠯ ᠤᠨ ᠠᠰᠢᠬᠳᠠᠢ ᠠᠷᠭ᠎ᠠ
ᠨᠡᠶᠢᠲᠡᠯᠡᠭᠰᠡᠨ ᠴᠠᠭ᠄
2020/11/13
     ᠡᠯᠡᠰᠥ ᠶᠢ ᠲᠣᠭᠳᠠᠪᠣᠷᠢᠵᠢᠭᠤᠯᠬᠤ ᠭᠡᠳᠥᠨ ᠵᠥᠢᠯ ᠤᠨ ᠠᠰᠢᠬᠳᠠᠢ ᠠᠷᠭ᠎ᠠ      ᠡᠯᠡᠰᠥ ᠶᠢ ᠶᠠᠭᠠᠬᠢᠵᠣ ᠲᠣᠭᠳᠠᠪᠣᠷᠢᠵᠢᠭᠤᠯᠬᠤ ᠪᠣᠢ ᠭᠡᠪᠡᠯ ᠡᠪᠡᠰᠥ ᠮᠣᠳᠣ᠂ ᠪᠣᠷᠭᠠᠰᠣ᠂ ᠨᠠᠩᠬᠢ ᠰᠢᠷᠣᠢ᠂ ᠴᠢᠯᠠᠭᠤ ᠵᠡᠷᠭᠡ ᠶᠢ ᠡᠯᠳᠡᠪ ᠵᠥᠢᠯ ᠤᠨ ᠰᠠᠭᠠᠳ ᠬᠠᠷᠰᠢ ᠶᠢᠨ ᠪᠣᠳᠠᠰ ᠪᠣᠯᠭᠠᠠ ᠪᠣᠰᠬᠠᠬᠤ᠂ ᠡᠰᠡᠬᠦᠯ᠎ᠡ ᠲᠡᠭᠰᠢᠭᠡᠡ ᠪᠣᠯᠠᠵᠣ ᠲᠠᠯᠪᠢᠭᠠᠳ ᠡᠯᠡᠰᠥ ᠶᠢ ᠲᠣᠭᠳᠠᠪᠣᠷᠢᠵᠢᠭᠤᠯᠳᠠᠭ᠃ ᠡᠳᠡᠭᠡᠷ ᠰᠠᠭᠠᠳ ᠬᠠᠷᠰᠢ ᠶᠢᠨ ᠪᠣᠳᠠᠰ ᠢ ᠮᠧᠬᠠᠨᠢᠬ ᠤᠨ ᠡᠯᠡᠰᠥ ᠶᠢᠨ ᠰᠢᠪᠡᠭᠡ ᠪᠣᠶᠣ ᠰᠠᠯᠬᠢᠨ ᠤ ᠰᠢᠪᠡᠭᠡ ᠭᠡᠳᠡᠭ᠂ ᠵᠠᠷᠢᠮ ᠭᠠᠵᠠᠷ ᠲᠤ ᠰᠠᠯᠬᠢᠨ ᠤ ᠬᠡᠷᠡᠮ ᠴᠥ ᠭᠡᠳᠡᠭ᠃      ᠲᠣᠬᠢᠷᠠᠭᠤᠯᠣᠠ ᠵᠣᠬᠢᠶᠠᠭᠰᠠᠠ ᠠᠷᠭ᠎ᠠ ᠪᠠ ᠥᠢᠯᠡᠳᠥᠯ ᠢᠶᠠᠷ ᠮᠧᠬᠠᠨᠢᠬ ᠤᠨ ᠡᠯᠡᠰᠥ ᠶᠢᠨ ᠰᠢᠪᠡᠭᠡ ᠶᠢ ᠲᠡᠭᠰᠢ ᠲᠡᠪᠢᠰᠥᠭᠰᠡᠡ ᠭᠡᠯᠪᠡᠷᠢ ᠪᠠ ᠪᠣᠰᠤᠭ᠎ᠠ ᠬᠡᠯᠪᠡᠷᠢ ᠭᠡᠵᠥ ᠬᠤᠶᠠᠷ ᠲᠥᠷᠥᠯ ᠬᠤᠪᠢᠶᠠᠵᠣ ᠪᠣᠯᠣᠨ᠎ᠠ᠃ ᠲᠡᠭᠰᠢ ᠲᠡᠪᠢᠰᠥᠭᠰᠡᠡ ᠭᠡᠯᠪᠡᠷᠢ ᠪᠣᠯ ᠡᠪᠡᠰᠥ ᠮᠣᠳᠣ᠂ ᠪᠣᠷᠭᠠᠰᠣ᠂ ᠰᠢᠪᠠᠷ ᠰᠢᠷᠣᠢ ᠵᠡᠷᠭᠡ ᠪᠣᠳᠠᠰ ᠢ ᠡᠯᠡᠰᠥᠨ ᠲᠡᠭᠡᠷ᠎ᠡ ᠲᠡᠪᠢᠰᠬᠦ ᠪᠣᠶᠣ ᠪᠠᠷᠣᠭᠰᠢᠨ ᠤ ᠴᠠᠶᠢᠳᠠᠮ᠂ ᠪᠥᠭᠡᠭᠡᠨᠡᠷᠡᠯ ᠫᠷᠥᠫᠧᠨ ᠠᠰᠢᠯ ᠠᠮᠢᠨ ᠵᠡᠷᠭᠡ ᠲᠡᠭᠡᠳᠥ ᠮᠣᠯᠧᠺᠦ᠋ᠯᠳᠥ ᠬᠢᠮᠢ ᠶᠢᠨ ᠪᠥᠭᠡᠭᠡᠨᠡᠷᠡᠯ ᠨᠢᠭᠡᠳᠥᠯ ᠤᠨ ᠪᠣᠳᠠᠰ ᠢ ᠡᠯᠡᠰᠥᠨ ᠲᠡᠭᠡᠷ᠎ᠡ ᠰᠠᠴᠣᠭᠠᠳ ᠪᠥᠷᠬᠦᠨ ᠲᠣᠭᠳᠠᠪᠣᠷᠢᠵᠢᠭᠤᠯᠵᠣ᠂ ᠰᠠᠯᠬᠢ ᠪᠠ ᠰᠣᠯᠠ ᠡᠯᠡᠰᠥ ᠲᠠᠢ ᠣᠢᠢᠷᠠᠳᠣᠭᠤᠯᠬᠤ ᠥᠭᠡᠢ ᠪᠣᠯᠭᠠᠭᠠᠳ ᠡᠯᠡᠰᠥᠨ ᠲᠣᠪᠤ ᠶᠢᠨ ᠰᠠᠯᠬᠢᠨ ᠳᠤ ᠨᠡᠭᠦᠳᠡᠯᠯᠡᠬᠦ ᠶᠢ ᠬᠤᠷᠢᠬᠯᠠᠳᠠᠭ ᠶᠣᠮ᠃ ᠲᠡᠭᠰᠢ ᠲᠡᠪᠢᠰᠬᠦ ᠳᠤ ᠲᠣᠪᠤ ᠶᠢᠨ ᠲᠡᠭᠡᠷ᠎ᠡ ᠲᠠᠯ᠎ᠠ ᠠᠴᠠ ᠲᠣᠷᠣᠭᠰᠢ ᠲᠡᠪᠢᠰᠥᠨ᠎ᠡ᠂ ᠨᠠᠩᠬᠢ ᠰᠢᠷᠣᠢ ᠶᠢ 6 — 15 ᠰᠡᠡᠲ᠋ᠢᠮᠧᠲᠷ ᠵᠣᠵᠠᠭᠠᠠ ᠲᠠᠯᠪᠢᠬᠤ ᠪᠥᠭᠡᠳ ᠰᠠᠯᠬᠢᠨ ᠤ ᠲᠠᠯ᠎ᠠ ᠪᠠ ᠲᠣᠪᠤ ᠶᠢᠨ ᠲᠡᠭᠡᠷ᠎ᠡ ᠲᠠᠯ᠎ᠠ ᠳᠤᠨᠢ ᠨᠢᠮᠭᠡᠡ ᠰᠢᠭ ᠲᠡᠪᠢᠰᠴᠥ ᠪᠣᠯᠬᠤ ᠶᠣᠮ᠃ ᠥᠡᠭᠭᠡ ᠶᠢᠨ ᠲᠠᠯ᠎ᠠ ᠶᠢ ᠰᠣᠯᠠ ᠪᠥᠳᠥᠭᠦᠯᠢᠭ ᠰᠢᠭ ᠪᠠᠶᠢᠯᠭᠠᠵᠣ᠂ ᠰᠠᠯᠬᠢᠨ ᠳᠤ ᠢᠳᠡᠭᠳᠡᠬᠦ ᠠᠴᠠ ᠰᠡᠷᠭᠡᠶᠢᠯᠡᠨ᠎ᠡ᠃ ᠪᠣᠰᠤᠭ᠎ᠠ ᠭᠡᠯᠪᠡᠷᠢ ᠪᠣᠯ ᠡᠪᠡᠰᠥ ᠮᠣᠳᠣ᠂ ᠪᠣᠷᠭᠠᠰᠣ᠂ ᠬᠠᠪᠳᠠᠰᠣ᠂ ᠪᠣᠷᠭᠠᠰᠣᠠ ᠰᠢᠪᠡᠭᠡ ᠶᠢ ᠡᠯᠡᠰᠥᠨ ᠲᠡᠭᠡᠷ᠎ᠡ ᠬᠠᠳᠬᠤᠵᠣ᠂ ᠡᠰᠡᠬᠦᠯ᠎ᠡ ᠨᠠᠩᠬᠢ ᠰᠢᠷᠣᠢ ᠮᠡᠳᠥ ᠶᠢᠨ ᠪᠣᠳᠠᠰ ᠢᠶᠠᠷ ᠡᠯᠡᠰᠥᠨ ᠲᠡᠭᠡᠷ᠎ᠡ ᠬᠡᠷᠡᠮ ᠪᠠᠷᠢᠵᠣ ᠲᠠᠯᠪᠢᠳᠠᠬ᠂ ᠰᠠᠯᠬᠢ ᠡᠳᠡᠭᠡᠷ ᠬᠠᠰᠢᠯᠭ᠎ᠠ ᠲᠠᠢ ᠮᠥᠷᠭᠦᠪᠡᠯ ᠰᠠᠯᠬᠢᠨ ᠤ ᠬᠤᠷᠳᠣᠴᠠ ᠨᠢ ᠪᠠᠭᠤᠷᠠᠵᠣ᠂ ᠢᠪᠴᠣᠣ ᠭᠠᠵᠠᠷ ᠤᠨ ᠡᠯᠡᠰᠥ ᠨᠢ ᠬᠠᠷᠢᠨ ᠣᠪᠣᠭᠠᠯᠠᠭᠳᠠᠵᠣ᠂ ᠡᠯᠡᠰᠥᠨ ᠤ ᠨᠡᠭᠦᠳᠡᠯᠯᠡᠬᠦ ᠬᠡᠮᠵᠢᠶ᠎ᠡ ᠶᠢ ᠶᠡᠭᠡ ᠪᠠᠷ ᠪᠠᠭᠠᠰᠬᠠᠵᠤ᠂ ᠡᠯᠡᠰᠥ ᠶᠢ ᠬᠤᠷᠢᠬᠤ ᠪᠠ ᠲᠣᠭᠳᠠᠪᠣᠷᠢᠵᠢᠭᠤᠯᠬᠤ ᠥᠢᠯᠡᠳᠥᠯ ᠥᠵᠡᠭᠦᠯᠬᠦ ᠪᠣᠯᠣᠨ᠎ᠠ᠃      ᠪᠣᠰᠤᠭ᠎ᠠ ᠬᠡᠯᠪᠡᠷᠢ ᠶᠢᠨ ᠬᠠᠰᠢᠯᠭ᠎ᠠ ᠡᠯᠡᠰᠥ ᠠᠴᠠ 50 ᠰᠡᠡᠲ᠋ᠢᠮᠧᠲᠷ ᠠᠴᠠ ᠥᠡᠳᠥᠷ ᠪᠠᠷᠢᠬᠰᠠᠠ ᠢ ᠥᠡᠳᠥᠷ ᠬᠡᠯᠪᠡᠷᠢ ᠶᠢᠨ ᠡᠯᠡᠰᠥᠨ ᠬᠠᠰᠢᠯᠭ᠎ᠠ ᠭᠡᠵᠥ᠂ ᠡᠯᠡᠰᠥ ᠠᠴᠠ 20 — 30 ᠰᠡᠡᠲ᠋ᠢᠮᠧᠲᠷ ᠥᠡᠳᠥᠷ ᠭᠠᠷᠣᠭᠰᠠᠠ ᠢ ᠪᠣᠭᠤᠨᠢ ᠭᠡᠯᠪᠡᠷᠢ ᠶᠢᠨ ᠬᠠᠰᠢᠯᠭ᠎ᠠ ᠭᠡᠳᠡᠭ᠃ ᠲᠣᠬᠢᠷᠠᠭᠤᠯᠣᠠ ᠪᠠᠷᠢᠬᠤ ᠴᠢᠭᠯᠡᠯ ᠨᠢ ᠭᠤᠣᠯ ᠰᠠᠯᠬᠢᠨ ᠲᠠᠢ ᠡᠭᠴᠡ ᠪᠠᠶᠢᠬᠤ ᠬᠡᠷᠡᠭᠳᠡᠢ᠃ ᠬᠡᠯᠪᠡᠷᠢ ᠨᠢ ᠵᠡᠷᠭᠡᠴᠡᠭᠡ᠂ ᠲᠥᠷᠪᠡᠯᠵᠢᠨ ᠭᠡᠰᠡᠭ᠂ ᠵᠠᠭᠠᠳᠠᠰᠣᠠ ᠤ ᠥᠷᠭᠡᠰᠥ ᠵᠡᠷᠭᠡ ᠪᠠᠶᠢᠵᠣ ᠪᠣᠯᠣᠨ᠎ᠠ᠃ ᠬᠠᠰᠢᠯᠭ᠎ᠠ ᠶᠢᠨ ᠬᠤᠭᠤᠷᠣᠠᠳᠣᠬᠢ ᠵᠠᠢ᠂ ᠬᠡᠪ ᠮᠠᠶ᠋ᠢᠬ ᠢ ᠲᠣᠬᠢᠷᠠᠮᠵᠢᠳᠠᠢ ᠪᠠᠶᠢᠯᠭᠠᠪᠠᠯ ᠡᠯᠡᠰᠥ ᠶᠢ ᠲᠣᠭᠳᠠᠪᠣᠷᠢᠵᠢᠭᠤᠯᠵᠣ ᠴᠢᠳᠠᠬᠤ ᠪᠥᠭᠡᠳ ᠬᠥᠮᠥᠨ ᠤ ᠬᠥᠴᠥ ᠪᠠ ᠮᠠᠲ᠋ᠧᠷᠢᠶᠠᠯ ᠳᠤ ᠴᠥ ᠴᠥᠮ ᠠᠷᠪᠢᠳᠠᠢ ᠪᠠᠶᠢᠳᠠᠬ᠃      ᠬᠤᠶᠠᠷ ᠵᠥᠢᠯ ᠤᠨ ᠡᠯᠡᠰᠥ ᠲᠣᠭᠳᠠᠪᠣᠷᠢᠵᠢᠭᠤᠯᠬᠤ ᠮᠣᠳᠣ      ᠲᠡᠷᠪᠡᠯᠵᠢ᠄ ᠲᠡᠷᠪᠡᠯᠵᠢ ᠪᠣᠯ ᠪᠣᠷᠴᠠᠭᠳᠣ ᠢᠵᠠᠭᠤᠷ ᠤᠨ ᠪᠣᠳᠠ ᠮᠣᠳᠣ ᠪᠣᠯᠣᠨ᠎ᠠ᠃ ᠥᠡᠳᠥᠰᠥ ᠬᠠᠳᠬᠤᠬᠤ ᠨᠢ ᠬᠤᠷᠳᠣᠠ᠂ ᠰᠠᠯᠠᠭ᠎ᠠ ᠭᠠᠷᠬᠤ ᠨᠢ ᠲᠥᠷᠭᠡᠡ᠂ ᠥᠷ᠎ᠡ ᠨᠢ ᠠᠮᠠᠷᠬᠠᠠ ᠰᠣᠶᠣᠭᠠᠯᠠᠳᠠᠭ ᠪᠥᠭᠡᠳ ᠰᠠᠯᠬᠢ᠂ ᠡᠯᠡᠰᠥᠨ ᠠᠴᠠ ᠠᠶᠣᠬᠤ ᠥᠭᠡᠢ᠃ ᠲᠡᠷᠪᠡᠯᠵᠢ ᠡᠯᠡᠰᠥ ᠶᠢ ᠲᠣᠭᠳᠠᠪᠣᠷᠢᠵᠢᠭᠤᠯᠬᠤ ᠳᠤ ᠰᠠᠶᠢᠨ ᠮᠥᠷᠳᠡᠭᠡᠡ ᠥᠡᠳᠥᠰᠥᠨ ᠪᠡᠳᠡᠬᠢ ᠶᠢᠨ ᠪᠡᠺᠲ᠋ᠧᠷᠢ ᠠᠭᠤᠯᠣᠭᠳᠠᠵᠣ ᠪᠠᠶᠢᠭ᠎ᠠ ᠪᠣᠯᠬᠤᠷ ᠪᠠᠰᠠ ᠬᠥᠷᠥᠰᠥ ᠰᠢᠷᠣᠢ ᠶᠢ ᠰᠠᠶᠢᠵᠢᠷᠠᠭᠤᠯᠣᠨ᠎ᠠ᠃      ᠲᠡᠷᠪᠡᠯᠵᠢ ᠶᠢᠨ ᠨᠠᠪᠴᠢ ᠰᠠᠯᠠᠭᠠᠠ ᠳᠤᠨᠢ ᠰᠢᠮ᠎ᠡ ᠲᠡᠵᠢᠭᠡᠯ ᠰᠠᠶᠢᠨ ᠪᠠᠶᠢᠳᠠᠭ᠂ ᠣᠭᠤᠷᠠᠭ 20.35%᠂ ᠥᠭᠡᠬᠦ 3.7%᠂ ᠪᠥᠳᠥᠭᠦᠯᠢᠭ ᠰᠢᠷᠬᠡᠭᠯᠢᠭ 25.4% ᠪᠠᠶᠢᠭ᠎ᠠ ᠪᠣᠯᠬᠤᠷ ᠰᠢᠮ᠎ᠠ ᠰᠠᠶᠢᠳᠠᠢ ᠪᠣᠷᠳᠤᠭ᠎ᠠ ᠪᠣᠯᠳᠠᠬ᠃      ᠨᠣᠷ᠎ᠠ ᠡᠯᠡᠰᠥᠨ ᠳᠤ ᠪᠣᠯ ᠲᠡᠷᠪᠡᠯᠵᠢ ᠶᠢ ᠰᠢᠭᠤᠳ ᠥᠷ᠎ᠡ ᠶᠢ ᠨᠢ ᠰᠠᠴᠣᠵᠣ ᠲᠠᠷᠢᠨ᠎ᠠ᠂ ᠨᠥᠮᠥᠷᠢ ᠪᠡᠯ ᠭᠠᠵᠠᠷ ᠪᠣᠶᠣ ᠲᠣᠪᠣᠷᠴᠠᠭ ᠬᠤᠳᠣᠭᠤᠷ ᠭᠠᠵᠠᠷ ᠲᠤ ᠲᠠᠷᠢᠬᠤ ᠪᠥᠭᠡᠳ ᠮᠥ ᠪᠥᠷᠢ ᠳᠤ ᠨᠢᠭᠡ ᠺᠢᠯᠥᠭᠷᠡᠮ ᠥᠷ᠎ᠡ ᠰᠠᠴᠣᠨ᠎ᠠ᠃ ᠬᠠᠪᠣᠷ ᠤᠨ ᠣᠯᠠᠷᠢᠯ ᠪᠣᠶᠣ ᠪᠣᠷᠣᠭᠠᠠ ᠤ ᠣᠯᠠᠷᠢᠯ ᠳᠤ ᠲᠠᠷᠢᠵᠣ ᠪᠣᠯᠣᠨ᠎ᠠ᠃ ᠶᠡᠭᠡ ᠪᠣᠷᠣᠭᠠᠠ ᠤ ᠲᠠᠷᠠᠭ᠎ᠠ ᠲᠠᠷᠢᠪᠠᠯ ᠨᠡᠩ ᠰᠠᠶᠢᠨ ᠪᠠᠶᠢᠳᠠᠭ᠃ ᠲᠠᠷᠢᠬᠤ ᠳᠠᠭᠠᠨ 3 — 5 ᠰᠡᠡᠲ᠋ᠢᠮᠧᠲᠷ ᠬᠥᠨ ᠪᠣᠯᠠᠬᠤ ᠪᠥᠭᠡᠳ ᠨᠥᠭᠡ ᠪᠥᠷᠢ ᠳᠤ 8 — 10 ᠥᠷ᠎ᠡ ᠥᠷᠡᠯᠡᠨ᠎ᠡ᠃ ᠨᠥᠭᠡ ᠶᠢᠨ ᠵᠠᠢ ᠶᠢ 3 ᠮᠧᠲᠷ ᠣᠷᠴᠢᠮ ᠪᠠᠶᠢᠯᠭᠠᠨ᠎ᠠ᠃ ᠰᠣᠶᠣᠭᠠᠯᠠᠭᠰᠠᠠ ᠤ ᠲᠠᠷᠠᠭ᠎ᠠ ᠠᠯᠳᠠᠠ ᠢᠯᠠᠭ᠎ᠠ ᠶᠢᠨ ᠠᠶᠣᠯ ᠠᠴᠠ ᠰᠡᠷᠭᠡᠶᠢᠯᠡᠪᠡᠯ ᠵᠣᠬᠢᠨ᠎ᠠ᠃ ᠵᠣᠯᠵᠠᠭ᠎ᠠ ᠨᠠᠬᠢᠶ᠎ᠠ ᠶᠢᠨ ᠥᠶ᠎ᠡ ᠳᠤ ᠭᠡᠭᠡᠷ᠎ᠡ ᠶᠢᠨ ᠲᠠᠣᠯᠠᠢ ᠶᠢᠨ ᠠᠶᠣᠯ ᠠᠴᠠ ᠰᠡᠷᠭᠡᠶᠢᠯᠡᠬᠦ ᠭᠡᠷᠡᠭᠳᠡᠢ᠃ ᠲᠡᠷᠪᠡᠯᠵᠢ ᠶᠢ ᠴᠢᠬᠢ ᠪᠤᠶᠢᠵᠢᠭᠤᠯᠣᠠ ᠲᠠᠷᠢᠵᠣ ᠪᠠᠰᠠ ᠪᠣᠯᠣᠨ᠎ᠠ᠃ ᠴᠢᠬᠢ ᠪᠤᠶᠢᠵᠢᠭᠤᠯᠬᠤ ᠥᠷ᠎ᠡ ᠶᠢ 2 — 3 ᠰᠡᠡᠲ᠋ᠢᠮᠧᠲᠷ ᠪᠣᠯᠠᠵᠣ᠂ ᠮᠥ ᠪᠥᠷᠢ ᠳᠤ 2.5 ᠺᠢᠯᠥᠭᠷᠡᠮ ᠥᠷ᠎ᠡ ᠭᠡᠷᠡᠭᠯᠡᠨ᠎ᠡ᠃      ᠬᠠᠷ᠎ᠠ ᠣᠳᠠ᠄ ᠬᠠᠷ᠎ᠠ ᠣᠳᠠ ᠪᠣᠯ ᠣᠳᠠ ᠣᠯᠢᠶᠠᠰᠣᠠ ᠤ ᠢᠵᠠᠭᠤᠷᠳᠣ ᠨᠠᠪᠴᠢ ᠵᠣᠯᠭᠠᠷᠠᠬᠤ ᠪᠣᠳᠠ ᠮᠣᠳᠣ ᠪᠣᠯᠣᠨ᠎ᠠ᠃ 3 — 4 ᠮᠧᠲᠷ ᠥᠡᠳᠥᠷ ᠣᠷᠭᠤᠵᠣ᠂ ᠭᠤᠣ ᠭᠠᠨᠭ᠍ᠭ᠎ᠠ᠂ ᠭᠤᠣᠯ ᠮᠥᠷᠡᠡ ᠤ ᠲᠠᠩ ᠭᠠᠵᠠᠷ᠂ ᠲᠣᠪᠣᠷᠴᠠᠭ ᠤᠨ ᠬᠤᠳᠣᠭᠤᠷ ᠭᠠᠵᠠᠷ ᠲᠤ ᠣᠷᠭᠤᠨ᠎ᠠ᠃ ᠬᠠᠷ᠎ᠠ ᠣᠳᠠ ᠭᠠᠨᠭ᠍ᠳᠠᠵᠣ ᠣᠰᠣᠳᠣᠬᠤ ᠳᠤ ᠲᠠᠭᠠᠭᠠᠴᠠᠳᠠᠢ᠂ ᠣᠰᠣ ᠬᠥᠷᠥᠰᠥ ᠶᠢ ᠬᠠᠮᠠᠭᠠᠯᠠᠬᠤ᠂ ᠰᠠᠯᠬᠢ ᠶᠢ ᠬᠤᠷᠢᠬᠯᠠᠠ ᠡᠯᠡᠰᠥ ᠶᠢ ᠲᠣᠭᠳᠠᠪᠣᠷᠢᠵᠢᠭᠤᠯᠵᠣ ᠴᠢᠳᠠᠨ᠎ᠠ᠃ ᠲᠠᠷᠢᠬᠤ ᠳᠤ ᠨᠢᠭᠡ ᠵᠢᠯ ᠪᠣᠯᠣᠭᠰᠠᠠ ᠬᠠᠷ᠎ᠠ ᠣᠳᠠ ᠶᠢᠨ ᠰᠠᠯᠠᠭ᠎ᠠ ᠶᠢ ᠣᠭᠳᠣᠯᠵᠣ ᠠᠪᠣᠭᠠᠳ ᠰᠠᠭᠤᠯᠭᠠᠨ᠎ᠠ᠃ ᠣᠯᠠᠩᠬᠢ ᠳᠠᠭᠠᠨ ᠪᠣᠷᠣᠭᠠᠠ ᠲᠠᠢ ᠥᠶ᠎ᠡ ᠳᠤ ᠰᠠᠭᠤᠯᠭᠠᠨ᠎ᠠ᠃ ᠰᠠᠭᠤᠯᠭᠠᠭᠰᠠᠠ ᠤ ᠲᠠᠷᠠᠭ᠎ᠠ ᠭᠤᠷᠪᠠᠳᠣᠭᠠᠷ ᠵᠢᠯ ᠳᠤᠨᠢ ᠭᠠᠵᠠᠷ ᠬᠥᠯᠳᠡᠬᠦ ᠠᠴᠠ ᠡᠮᠥᠨ᠎ᠡ ᠬᠠᠳᠣᠵᠣ ᠠᠪᠣᠪᠠᠯ ᠢᠷᠡᠬᠦ ᠬᠠᠪᠣᠷ ᠨᠢ ᠨᠡᠩ ᠢᠳᠡᠷᠡᠭᠦᠨ ᠣᠷᠭᠤᠳᠠᠭ᠃ ᠰᠡᠭᠦᠯᠡᠷ ᠨᠢ ᠵᠢᠯ ᠪᠥᠷᠢ ︽ᠨᠠᠮᠣᠷ ᠤᠨ ᠠᠭᠤᠷ︾ ᠬᠥᠷᠳᠡᠯᠡᠬᠢ ᠬᠤᠭᠤᠴᠠᠭᠠᠠ ᠳᠤ ᠪᠣᠷᠭᠠᠰᠣ ᠶᠢ ᠨᠢ ᠬᠠᠳᠣᠵᠣ ᠠᠪᠣᠭᠠᠳ ᠬᠥᠷᠥᠮᠡᠯ ᠬᠥᠷᠥᠬᠦ ᠳᠤ ᠭᠡᠷᠡᠭᠯᠡᠵᠥ ᠪᠣᠯᠣᠨ᠎ᠠ᠃ 7 — 8 ᠵᠢᠯ ᠪᠣᠯᠬᠤ ᠪᠥᠷᠢ ᠨᠢᠭᠡ ᠣᠳᠠᠭ᠎ᠠ ᠪᠥᠬᠦᠨ ᠢ ᠨᠢ ᠬᠠᠳᠣᠵᠣ ᠠᠪᠣᠨ᠎ᠠ᠂ 20 ᠵᠢᠯ ᠪᠣᠯᠣᠭᠠᠳ ᠥᠡᠳᠥᠰᠥ ᠪᠠᠷ ᠨᠢ ᠬᠠᠳᠣᠵᠣ ᠠᠪᠣᠭᠠᠳ ᠲᠡᠬᠢᠨ ᠲᠠᠷᠢᠵᠥ ᠪᠤᠶᠢᠵᠢᠭᠤᠯᠣᠨ᠎ᠠ᠃ ᠬᠠᠷ᠎ᠠ ᠣᠳᠠ ᠶᠢᠨ ᠥᠡᠳᠥᠰᠥ ᠨᠢ ᠡᠮ ᠳᠤ ᠣᠷᠣᠨ᠎ᠠ᠃    
 
ᠢᠷᠡᠯᠲᠡ᠄ ᠤᠷᠳᠤᠰ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号