ᠡᠵᠡᠨ᠎ᠠ ᠲᠤᠷᠭᠤᠳᠴᠤᠳ ᠡᠷᠳᠡ ᠲᠡᠭᠡᠳᠤ ᠠᠴᠠ ᠠᠪᠤᠭᠠᠳ ᠤᠳᠠᠭᠠᠨ ᠵᠢᠯ ᠤᠨ ᠲᠤᠷᠰᠢ ᠲᠤᠤᠷᠠᠢ ᠪᠠᠨ | ᠲᠠᠷᠬᠠᠯᠠᠵᠤ ᠤᠡᠭᠭᠤᠯᠠᠳᠠᠬ ᠪᠤᠯᠬᠤᠷ ᠡᠳᠡᠭᠡᠷ ᠲᠤᠤᠷᠠᠢ ᠶᠢᠨ ᠲᠤᠬᠠᠢ ᠮᠠᠰᠢ ᠰᠤᠨᠢᠷᠬᠠᠯᠳᠠᠢ ᠥᠯᠢᠭᠡᠷ ᠲᠤᠮᠤᠬ ᠴᠤ | ᠲᠠᠭᠠᠯᠳᠤᠨ ᠪᠤᠢ ᠪᠤᠯᠵᠤ ︽ᠰᠠᠷᠬᠢᠷᠤᠤ ᠶᠢᠨ ᠲᠤᠤᠷᠠᠢ︾᠂ ︽ᠰᠠᠶᠢᠬᠠᠨ ᠲᠤᠤᠷᠠᠢ︾᠂ ︽ᠴᠠᠬᠳᠠᠭᠤᠯ ᠤᠨ ᠲᠤᠤᠷᠠᠢ | ︾᠂ ︽ᠡᠷᠳᠡᠨᠢ ᠶᠢᠨ ᠲᠤᠤᠷᠠᠢ︾᠂ ︽ᠭᠠᠨᠵᠤᠤᠷ ᠲᠤᠤᠷᠠᠢ︾᠂ ︽ᠪᠤᠩᠬᠤᠨ ᠲᠤᠤᠷᠠᠢ︾᠂ ︽ᠬᠥᠭᠡ ᠥᠷᠢᠶᠠ ᠶᠢᠨ | ᠲᠤᠤᠷᠠᠢ︾᠂ ︽ᠬᠥᠭᠡ ᠨᠠᠭᠤᠷ ᠤᠨ ᠲᠤᠤᠷᠠᠢ︾᠂ ︽ᠡᠬᠢᠨ ᠡᠷᠢᠶᠡᠨ ᠪᠥᠭᠡᠷᠡᠭ ᠤᠨ ᠲᠤᠤᠷᠠᠢ︾ ᠭᠡᠬᠦ ᠮᠡᠳᠤ ᠶᠢᠨ | ᠨᠡᠷᠡᠳᠡᠢ ᠨᠡᠷᠡᠳᠡᠢ ᠲᠤᠤᠷᠠᠢ ᠨᠤᠭᠤᠳ ᠲᠤᠰ ᠲᠤᠰ ᠲᠠᠭᠠᠨ ᠬᠥᠮᠤᠰ ᠤᠨ ᠰᠤᠨᠢᠷᠬᠠᠯ ᠢ ᠲᠠᠳᠠᠬᠰᠠᠨ ᠲᠤᠮᠤᠬ ᠲᠠᠢ | ᠪᠠᠶᠢᠵᠤ ᠤᠳᠤ ᠪᠤᠯᠳᠠᠯ᠎ᠠ ᠤᠯᠠᠮᠵᠢᠯᠠᠬᠳᠠᠬᠤ ᠨᠢ ᠮᠠᠰᠢ ᠰᠤᠨᠢᠷᠬᠠᠯᠳᠠᠢ ᠪᠤᠳᠤᠬᠳᠠᠨᠠᠮ᠃ | ᠰᠡᠷᠬᠢᠷᠤᠤ ᠶᠢᠨ ᠲᠤᠤᠷᠠᠢ ᠪᠤᠯ ᠬᠤᠰᠢᠭᠤ ᠵᠠᠰᠠᠬ ᠨᠤᠶᠠᠨ ᠤ ᠤᠡᠭᠭᠤᠯᠠᠵᠤ ᠲᠠᠷᠬᠠᠯᠠᠬᠰᠠᠨ ᠲᠤᠤᠷᠠᠢ ᠪᠤᠯᠬᠤ | ᠶᠤᠮ᠃ ᠡᠨᠡ ᠲᠤᠤᠷᠠᠢ ᠶᠢᠨ ᠥᠨᠳᠤᠷ ᠨᠢ ᠲᠤᠯᠤᠭᠠᠨ ᠬᠤᠤᠰ ᠠᠯᠳᠠ᠂ ᠪᠥᠰᠡᠯᠡᠬᠦᠷ ᠤᠨ ᠬᠥᠷᠢᠶᠡᠨ ᠤ ᠤᠷᠳᠤ ᠨᠢ | ᠬᠤᠶᠠᠷ ᠬᠤᠤᠰ ᠠᠯᠳᠠ ᠤᠷᠴᠢᠮ᠃ 400 ᠭᠠᠷᠤᠢ ᠵᠢᠯ ᠤᠨ ᠰᠠᠯᠬᠢ ᠰᠢᠭᠤᠷᠭᠠᠨ ᠢ ᠲᠤᠭᠤᠯᠵᠤ ᠢᠷᠡᠭᠰᠡᠨ ᠡᠨᠡ ᠬᠦ | ᠲᠤᠤᠷᠠᠢ ᠨᠢ ᠡᠵᠡᠨ᠎ᠠ ᠶᠢᠨ ᠬᠢᠵᠠᠭᠠᠷ ᠲᠤ ᠪᠠᠶᠢᠬᠤ ᠬᠠᠮᠤᠬ ᠲᠤᠮᠤ ᠲᠤᠤᠷᠠᠢ ᠪᠠᠶᠢᠵᠤ᠂ ᠲᠠᠯᠠᠶᠢᠬᠦ᠋ᠪ ᠠᠴᠠ 26 | ᠺᠢᠯᠤᠮᠧᠲᠷ ᠬᠤᠯᠠ ᠪᠠᠶᠢᠷᠢᠰᠢᠳᠠᠭ᠃ ᠰᠡᠷᠬᠢᠷᠤᠤ ᠶᠢᠨ ᠲᠤᠤᠷᠠᠢ ᠶᠢᠨ ︽ᠰᠠᠷᠬᠢᠷᠤᠤ︾ ᠭᠡᠬᠦ ᠨᠡᠷ᠎ᠠ ᠶᠢᠨ ᠲᠤᠬᠠᠢ | ᠰᠤᠳᠤᠯᠭᠠᠳᠠᠨ ᠪᠢᠴᠢᠭᠳᠡᠳ ᠤᠯᠠᠨ ᠶᠠᠩᠵᠤ ᠪᠠᠷ ᠲᠠᠶᠢᠯᠪᠤᠷᠢᠯᠠᠬᠰᠠᠨ ᠪᠠᠶᠢᠳᠠᠬ᠃ ᠴᠡ᠊ · ᠰᠠᠶᠢᠵᠢᠷᠠᠬᠤ ᠶᠢᠨ ︽ | ᠡᠵᠡᠨ᠎ᠠ ᠲᠤᠤᠷᠠᠢ ᠶᠢᠨ ᠰᠤᠶᠤᠯ︾ ᠭᠡᠬᠦ ᠨᠤᠮ ᠳᠤ᠂ ︽ᠭᠤᠤᠯ ᠤᠨ ᠤᠰᠤ ᠥᠰᠴᠤ ᠡᠷᠬᠢ ᠪᠠᠨ ᠲᠠᠪᠠᠨ ᠲᠠᠯ᠎ᠠ | ᠲᠤᠮᠳᠠᠭᠤᠷ ᠤᠷᠤᠰᠤᠬᠰᠠᠨ ᠤᠯᠠᠨ ᠨᠠᠷᠢᠨ ᠤᠷᠤᠰᠬᠠᠯ ᠢ ᠡᠵᠡᠨ᠎ᠠ ᠮᠤᠩᠭᠤᠯᠴᠤᠳ ᠰᠠᠷᠬᠢᠷᠤᠤ ᠭᠡᠨ᠎ᠠ᠃ ᠤᠤᠯ ᠳᠠᠭᠠᠨ | ᠲᠤᠤᠷᠠᠢ ᠶᠢᠨ ᠬᠠᠪᠢ ᠪᠠᠷ ᠰᠠᠷᠬᠢᠷᠤᠤ ᠲᠠᠢ ᠪᠠᠶᠢᠬᠰᠠᠨ ᠲᠤᠯᠠ ᠡᠶᠢᠨ ᠬᠦ ᠨᠡᠷᠡᠯᠡᠪᠡ︾ ᠭᠡᠵᠡᠢ᠃ ᠠᠯᠳ᠋ᠬᠠᠤᠳᠤ | ᠭᠤᠸᠠᠢ ᠶᠢᠨ ︽ᠡᠵᠡᠨ᠎ᠠ ᠲᠤᠷᠭᠤᠳ ᠤᠨ ᠶᠤᠰᠤ ᠵᠠᠩᠰᠢᠯ ᠤᠨ ᠤᠢᠢᠯᠡᠪᠤᠷᠢ︾ ᠳᠤ ᠰᠠᠷᠬᠢᠷᠤᠤ ᠶᠢ ︽ᠭᠡᠢ ᠲᠡᠭᠡᠷ᠎ᠠ | ᠲᠤᠬᠳᠠᠬᠰᠠᠨ︾ ᠭᠡᠮᠡᠬᠦ ᠤᠳᠬ᠎ᠠ ᠪᠠᠷ ᠭᠡᠷᠡᠭᠯᠡᠪᠡ᠃ ᠡᠷᠳᠡᠮᠳᠡᠨ ᠫᠷᠤᠹᠧᠰᠰᠤᠷ ᠴᠡ᠊ · ᠴᠦᠢᠳᠠᠨᠳᠠᠷ ᠭᠤᠸᠠᠢ ︽︿ | ᠰᠠᠬᠢᠭᠤᠯᠰᠤᠨ ᠲᠤᠤᠷᠠᠢ﹀ ᠬᠢᠭᠡᠳ ᠲᠡᠬᠦᠨ ᠤ ᠲᠤᠮᠤᠬ ᠵᠢᠴᠢ ᠬᠠᠭᠤᠴᠢ ᠶᠠᠷᠢᠶ᠎ᠠ ᠶᠢᠨ ᠲᠤᠬᠠᠢ︾ ᠭᠡᠬᠦ ᠡᠷᠳᠡᠮ | ᠰᠢᠨᠵᠢᠯᠡᠭᠡᠨ ᠤ ᠥᠬᠦᠯᠡᠯ ᠳᠤ ︽ᠨᠤᠳᠤᠬ ᠤᠨ ᠮᠤᠩᠭᠤᠯᠴᠤᠳ ᠤᠨ ᠭᠡᠪᠢᠯᠭᠡ ᠲᠠᠢ ᠮᠠᠯ ᠤᠨ ᠮᠠᠭᠤ ᠰᠠᠷᠬᠢᠨᠠᠬ ᠤᠨ | ᠤᠯᠠᠨ ᠲᠠᠪᠬᠤᠷᠭ᠎ᠠ ᠶᠢ ︿ᠰᠠᠷᠬᠢᠷᠤᠤ﹀ ᠭᠡᠵᠤ ᠨᠡᠷᠡᠯᠡᠳᠡᠭ᠃ ᠡᠨᠡ ᠲᠤᠤᠷᠠᠢ ᠶᠢᠨ ᠡᠷᠬᠢᠨ ᠲᠤᠭᠤᠷᠢᠨ ᠤ ᠭᠠᠵᠠᠷ ᠤᠨ | ᠭᠠᠳᠠᠷᠭᠤ ᠨᠢ ᠤᠳᠠᠭᠠᠨ ᠤᠨ ᠤ ᠰᠠᠯᠬᠢᠨ ᠪᠤᠷᠤᠭᠠᠨ ᠳᠤ ᠢᠳᠡᠭᠳᠡᠵᠤ ᠥᠶᠡᠯᠡᠨ ᠲᠠᠪᠬᠤᠷᠯᠠᠬᠰᠠᠨ ᠭᠡᠯᠪᠡᠷᠢ ᠲᠠᠢ | ᠪᠤᠯᠵᠤ ᠬᠠᠷᠠᠬᠳᠠᠳᠠᠬ ᠲᠤᠯᠠ ᠲᠡᠶᠢᠨ ᠬᠦ ᠨᠡᠷᠡᠯᠡᠭᠰᠡᠨ︾ ᠭᠡᠵᠤ ᠲᠠᠶᠢᠯᠪᠤᠷᠢᠯᠡᠵᠡᠢ᠃ ᠰᠠᠷᠬᠢᠷᠤᠤ ᠶᠢᠨ ᠲᠤᠤᠷᠠᠢ ᠶᠢᠨ | ᠲᠤᠮᠤᠬ ᠶᠠᠷᠢᠶᠠᠨ ᠤ ᠲᠤᠬᠠᠢ ᠡᠷᠳᠡᠮᠳᠡᠨ ᠴᠦᠢᠳᠠᠨᠳᠠᠷ ᠭᠤᠸᠠᠢ ᠲᠤᠤᠷᠠᠭᠢ ᠮᠡᠳᠤ ᠲᠡᠮᠳᠡᠭᠯᠡᠭᠰᠡᠨ ᠪᠠᠶᠢᠵᠡᠢ᠃ | ᠡᠵᠡᠨ᠎ᠠ ᠲᠤᠷᠭᠤᠳᠴᠤᠳ ᠡᠨᠡ ᠨᠤᠳᠤᠬ ᠲᠤ ᠢᠷᠡᠵᠤ ᠨᠤᠳᠤᠬᠰᠢᠬᠰᠠᠨ ᠠᠴᠠ ᠬᠤᠶᠢᠰᠢ ᠰᠠᠷᠬᠢᠷᠤᠤ ᠶᠢᠨ | ᠭᠠᠭᠴᠠ ᠲᠤᠤᠷᠠᠢ ᠶᠢᠨ ᠤᠢᠢᠷ᠎ᠠ ᠬᠠᠪᠢ ᠪᠠᠷ ᠬᠥᠮᠤᠰ ᠡᠭᠡᠯᠵᠢᠯᠡᠨ ᠨᠤᠳᠤᠬᠯᠠᠵᠤ ᠡᠪᠤᠯᠵᠢᠶ᠎ᠠ ᠪᠠᠨ ᠪᠤᠯᠭᠠᠬᠰᠠᠭᠠᠷ | ᠢᠷᠡᠭᠰᠡᠨ ᠪᠤᠯᠪᠠᠴᠤ ᠰᠡᠳᠡᠷᠯᠡᠵᠤ ︵ᠤᠡᠭᠭᠤᠯᠠᠵᠤ︶ ᠲᠠᠬᠢᠬᠰᠠᠨ ᠥᠭᠡᠢ ᠪᠠᠶᠢᠬᠰᠠᠭᠠᠷ ᠪᠠᠶᠢᠵᠡᠢ᠃ ᠬᠤᠷᠢᠳᠤᠭᠠᠷ | ᠵᠠᠭᠤᠨ ᠤ ᠡᠬᠢᠨ ᠤ ᠥᠶ᠎ᠠ ᠳᠤ᠂ ᠢ᠊ · ᠬᠥᠡᠭᠽᠠᠨ ᠭᠡᠳᠡᠭ ᠠᠶᠢᠯ ᠪᠠᠷᠠᠭᠤᠬᠠᠨ ᠪᠡᠶ᠎ᠠ ᠳᠤᠨᠢ ᠡᠪᠤᠯᠵᠢᠵᠤ ᠪᠠᠶᠢᠵᠡᠢ᠃ | ᠬᠥᠡᠭᠽᠠᠨ ᠡᠪᠤᠭᠡᠨ ᠤ ᠡᠷᠬᠦᠮᠡᠯ ᠬᠥᠪᠡᠬᠦᠨ ᠯᠤᠪᠰᠠᠩ ᠨᠢᠭᠡ ᠡᠳᠤᠷ ᠰᠠᠷᠬᠢᠷᠤᠤ ᠶᠢᠨ ᠭᠠᠭᠴᠠ ᠲᠤᠤᠷᠠᠢ ᠶᠢᠨ ᠰᠠᠯᠠᠭᠠᠨ | ᠲᠡᠭᠡᠷ᠎ᠠ ᠫᠠᠢ ᠪᠠᠨ ᠲᠠᠯᠪᠢᠵᠤ᠂ ᠠᠯᠤᠰ ᠠᠴᠠ ᠬᠠᠷᠪᠤᠬᠰᠠᠨ ᠳᠤ ᠬᠠᠷᠪᠤᠬᠰᠠᠨ ᠰᠤᠮᠤ ᠨᠢ ᠫᠠᠢ ᠳᠤ ᠤᠨᠤᠬᠰᠠᠨ ᠥᠭᠡᠢ | ᠬᠠᠷᠢᠨ ᠲᠤᠤᠷᠠᠢ ᠳᠤ ᠤᠨᠤᠪᠠ᠃ ᠯᠤᠪᠰᠠᠩ ᠰᠤᠮᠤ ᠪᠠᠨ ᠬᠠᠶᠢᠵᠤ ᠤᠯᠬᠤ ᠭᠡᠳ ᠮᠤᠬᠤᠳᠠᠯ᠎ᠠ ᠡᠷᠢᠭᠰᠡᠨ ᠪᠤᠯᠪᠠᠴᠤ | ᠡᠴᠤᠰ ᠲᠡᠭᠡᠨ ᠬᠠᠶᠢᠵᠤ ᠤᠯᠤᠬᠰᠠᠨ ᠥᠭᠡᠢ᠃ ᠰᠡᠬᠦᠯᠡᠷ ᠨᠢ ᠠᠷᠪᠠᠨ ᠨᠢᠭᠡᠳᠤᠭᠡᠷ ᠥᠶ᠎ᠠ ᠶᠢᠨ ᠨᠤᠶᠠᠨ ᠲᠥᠪᠰᠢᠨᠪᠠᠶᠠᠷ | ᠲᠤᠰ ᠲᠤᠤᠷᠠᠢ ᠶᠢᠨ ᠵᠡᠬᠦᠨ ᠪᠡᠶ᠎ᠠ ᠳᠤᠨᠢ ᠡᠪᠤᠯᠵᠢᠶ᠎ᠠ ᠭᠠᠷᠭᠠᠭᠠᠳ ᠨᠤᠳᠤᠬᠯᠠᠵᠡᠢ᠃ ᠢᠡᠭᠬᠢᠵᠤ ᠨᠤᠳᠤᠬᠯᠠᠵᠤ | ᠪᠠᠶᠢᠬᠰᠠᠭᠠᠷ 1942 ᠤᠨ ᠪᠤᠯᠬᠤ ᠳᠤ᠂ ᠪᠤᠯᠠᠬ ᠬᠠᠳᠤᠨ ︵ᠲᠥᠪᠰᠢᠨᠪᠠᠶᠠᠷ ᠤᠨ ᠡᠭᠡᠨᠡᠷ︶ ᠤ ᠬᠥᠯ ᠲᠡᠭᠡᠷ᠎ᠠ ᠨᠢ | ᠭᠠᠭᠴᠠ ᠬᠤᠷᠤᠭᠤᠨ ᠤ ᠶᠠᠷ᠎ᠠ ᠭᠠᠷᠴᠤ ᠬᠤᠶᠠᠷ ᠵᠢᠯ ᠡᠮᠴᠢᠯᠡᠬᠦᠯᠥᠭᠡᠳ ᠡᠳᠡᠭᠡᠷᠡᠭᠰᠡᠨ ᠥᠭᠡᠢ᠃ ᠲᠡᠷᠡ ᠥᠶ᠎ᠠ ᠳᠤ᠂ | ᡀᠠᠸᠠᠩᠵᠠᠪ ᠨᠤᠶᠠᠨ ᠬᠤᠰᠢᠭᠤᠨ ᠤ ᠵᠠᠰᠠᠬ ᠵᠢᠶᠦ᠋ᠨ ᠸᠠᠩ ᠰᠠᠭᠤᠵᠤ ᠪᠠᠶᠢᠬᠰᠠᠨ ᠪᠤᠯᠬᠤᠷ ᠪᠤᠯᠠᠬ ᠬᠠᠳᠤᠨ ᠤ ᠬᠥᠯ | ᠲᠡᠭᠡᠷ᠎ᠠ ᠭᠠᠭᠴᠠ ᠬᠤᠷᠤᠭᠤᠨ ᠤ ᠶᠠᠷ᠎ᠠ ᠭᠠᠷᠤᠭᠠᠳ ᠡᠳᠡᠭᠡᠷᠡᠬᠦ ᠥᠭᠡᠢ ᠪᠠᠶᠢᠭ᠎ᠠ ᠴᠢᠮᠡᠭᠡ ᠶᠢ ᠰᠤᠨᠤᠰᠤᠭᠠᠳ 1944 | ᠤᠨ ︵ᠪᠠᠴᠢᠨ ᠵᠢᠯ︶ ᠤ ᠵᠤᠨ ᠲᠠᠮᠠᠭᠠᠨ ᠭᠠᠵᠠᠷ ᠠᠴᠠ ᠤᠢᠢᠳᠤᠪ᠂ ᠡᠷᠳᠡᠨᠢᠳᠤᠬᠳᠠᠬᠤ ᠭᠡᠳᠡᠭ ᠬᠤᠶᠠᠷ ᠬᠥᠮᠤᠨ ᠢ | ᠲᠤᠮᠢᠯᠠᠨ ᠶᠠᠪᠤᠭᠤᠯᠵᠤ᠂ ᠠᠯᠠᠱᠠ ᠬᠤᠰᠢᠭᠤᠨ ᠤ ᠱᠠᠷᠽᠠ ᠶᠢᠨ ᠠᠭᠤᠯᠠ ᠶᠢᠨ ᠠᠭᠤᠢ ᠳᠤ ᠰᠠᠭᠤᠵᠤ ᠨᠤᠮ | ᠪᠢᠰᠢᠯᠭᠠᠵᠤ ᠪᠠᠶᠢᠬᠰᠠᠨ ᠬᠠᠯᠬ᠎ᠠ ᠶᠢᠨ ᠠᠷᠪᠠᠢ ᠭᠡᠭᠡᠷ ᠬᠤᠰᠢᠭᠤᠨ ᠤ ᠥᠰᠤᠳᠤ ᠯᠠᠮᠠ ᠶᠢ ᠵᠠᠯᠠᠵᠤ ᠢᠷᠡᠬᠦᠯᠵᠡᠢ᠃ | ᠥᠰᠤᠳᠤ ᠯᠠᠮᠠ ᠲᠤᠰ ᠲᠤᠤᠷᠠᠢ ᠶᠢᠨ ᠢᠷᠤᠭᠠᠷ ᠲᠤ ᠭᠤᠷᠪᠠᠨ ᠰᠥᠨᠢ ᠬᠤᠭᠤᠯᠠ ᠤᠮᠳᠠ ᠢᠳᠡᠬᠦ ᠥᠭᠡᠢ ᠪᠢᠰᠢᠯᠭᠠᠯ | ᠬᠢᠵᠤ ︽ᠡᠨᠡ ᠲᠤᠤᠷᠠᠢ ᠶᠢ ᠰᠡᠳᠡᠷᠯᠡᠬᠦ ᠥᠭᠡᠢ ᠪᠤᠯᠬᠤ ᠥᠭᠡᠢ᠂ ᠰᠤᠮᠤᠨ ᠤ ᠰᠢᠷᠬ᠎ᠠ ᠰᠤᠷᠪᠢ ᠲᠠᠢ ᠪᠠᠶᠢᠨ᠎ᠠ᠃ | ᠲᠤᠤᠷᠠᠢ ᠰᠢᠷᠬᠠᠳᠤᠬᠰᠠᠨ ᠠᠴᠠ ᠪᠤᠯᠵᠤ ᠬᠠᠳᠤᠨ ᠤ ᠬᠥᠯ ᠲᠡᠭᠡᠷ᠎ᠠ ᠶᠠᠷ᠎ᠠ ᠭᠠᠷᠴᠡᠢ᠂ ᠡᠨᠡ ᠲᠤᠤᠷᠠᠢ ᠶᠢ ᠰᠡᠳᠡᠷᠯᠡᠬᠦ ︵ | ᠤᠡᠭᠭᠤᠯᠠᠬᠤ︶ ᠥᠭᠡᠢ ᠪᠤᠯᠬᠤ ᠥᠭᠡᠢ︾ ᠭᠡᠵᠡᠢ᠃ ᠢᠡᠭᠬᠢᠭᠡᠳ ᠥᠰᠤᠳᠤ ᠯᠠᠮᠠ ᠶᠢᠨ ᠮᠡᠷᠭᠡᠯᠡᠭᠰᠡᠨ ᠶᠤᠰᠤᠭᠠᠷ | ᠲᠤᠰᠬᠠᠢ ᠬᠥᠮᠤᠨ ᠭᠠᠷᠭᠠᠵᠤ ᠮᠤᠳᠤᠨ ᠳᠤ ᠤᠷᠤᠬᠰᠠᠨ ᠰᠤᠮᠤ ᠶᠢ ᠬᠠᠶᠢᠯᠭᠠᠵᠡᠢ᠃ ᠡᠴᠤᠰ ᠲᠡᠭᠡᠨ ᠰᠤᠮᠤ ᠤᠷᠤᠬᠰᠠᠨ | ᠭᠠᠵᠠᠷ ᠢ ᠨᠢ ᠤᠯᠵᠤ ᠲᠥᠭᠡ ᠢᠯᠡᠬᠦᠤ ᠮᠠᠯᠳᠠᠵᠤ ᠪᠠᠶᠢᠭᠠᠳ ᠰᠠᠶ᠋ᠢ ᠵᠢᠪᠡᠷᠡᠵᠤ ᠬᠠᠭᠤᠴᠢᠷᠠᠬᠰᠠᠨ ᠲᠤᠭᠤᠯᠭᠠᠨ | ᠰᠤᠮᠤ ᠶᠢ ᠭᠠᠷᠭᠠᠨ ᠠᠪᠴᠡᠢ᠃ ᠤᠤᠯ ᠨᠢ ᠲᠤᠰ ᠮᠤᠳᠤᠨ ᠤ ᠨᠢᠭᠡᠨ ᠬᠠᠵᠠᠭᠤ ᠠᠴᠠ ᠨᠢ ᠴᠢᠰᠤ ᠰᠢᠬ ᠰᠢᠩᠭᠡᠨ | ᠤᠯᠠᠭᠠᠨ ᠶᠠᠭᠤᠮ᠎ᠠ ᠭᠠᠷᠤᠭᠠᠳ ᠪᠠᠶᠢᠬᠰᠠᠨ ᠨᠢ ᠬᠠᠷᠢᠨ ᠰᠤᠮᠤ ᠤᠷᠤᠬᠰᠠᠨ ᠭᠠᠵᠠᠷ ᠨᠢ ᠲᠡᠷᠡ ᠪᠠᠶᠢᠬᠰᠠᠨ ᠪᠠᠶᠢᠵᠡᠢ᠃ | ᠲᠡᠭᠡᠭᠡᠳ ᠰᠤᠮᠤ ᠤᠷᠤᠬᠰᠠᠨ ᠨᠥᠭᠡᠨ ᠳᠤᠨᠢ ᠴᠠᠭᠠᠨ ᠽᠠᠨᠳᠠᠨ᠂ ᠬᠥᠷᠠᠩ ᠽᠨᠨᠳᠠᠨ᠂ ᠨᠠᠷᠠᠰᠤᠨ ᠲᠠᠪᠠᠷᠬᠠᠢ᠂ | ᠺᠠᠴᠢᠬᠦ᠋ᠷᠬᠦᠮ ᠵᠡᠷᠭᠡ ᠠᠷᠢᠭᠤᠨ ᠨᠠᠨᠳᠢᠨ ᠡᠮ ᠤᠨ ᠵᠦᠢᠯ ᠢ ᠬᠥᠭᠡ᠂ ᠤᠯᠠᠭᠠᠨ᠂ ᠰᠢᠷ᠎ᠠ᠂ ᠨᠤᠭᠤᠭᠠᠨ᠂ ᠴᠠᠭᠠᠨ | ᠵᠡᠷᠭᠡ ᠲᠠᠪᠤᠨ ᠥᠡᠭᠭᠡ ᠶᠢᠨ ᠲᠤᠷᠭᠠᠨ ᠳᠤ ᠪᠤᠭᠤᠭᠠᠳ ᠬᠢᠵᠤ ᠠᠷᠭᠠᠯᠠᠵᠡᠢ᠃ ᠶᠠᠬ ᠡᠨᠡ ᠤᠴᠢᠷ ᠠᠴᠠ ᠰᠢᠯᠳᠠᠭᠠᠯᠠᠵᠤ | ᠰᠠᠷᠬᠢᠷᠤᠤ ᠶᠢᠨ ᠭᠠᠭᠴᠠ ᠲᠤᠤᠷᠠᠢ ᠶᠢ ᠲᠠᠬᠢᠵᠤ ᠰᠡᠳᠡᠷᠯᠡᠬᠦ ᠠᠵᠢᠯ ᠴᠤ ᠵᠢᠩᠬᠢᠨᠢ ᠪᠠᠷ ᠡᠬᠢᠯᠡᠵᠤ᠂ ᠲᠤᠤᠷᠠᠢ ᠶᠢᠨ | ᠬᠠᠵᠠᠭᠤ ᠳᠤ ᠤᠷᠤᠨ ᠰᠠᠭᠤᠴᠠ ᠪᠡᠯᠡᠳᠭᠡᠵᠤ᠂ ᠲᠠᠬᠢᠯᠭ᠎ᠠ ᠳᠤ ᠤᠷᠤᠯᠴᠠᠬᠰᠠᠳ ᠢ ᠰᠠᠭᠤᠯᠭᠠᠵᠤ᠂ ᠡᠮᠤᠨ᠎ᠠ | ᠬᠤᠷᠠᠯ ᠠᠴᠠ ᠴᠥᠯᠳᠤᠮ ᠤᠮᠵᠠᠳ᠂ ᠠᠷᠢᠶ᠎ᠠ ᠯᠠᠮᠠ ᠭᠡᠬᠦ ᠬᠤᠶᠠᠷ ᠯᠠᠮᠠ᠂ ᠬᠤᠰᠢᠭᠤ ᠲᠠᠮᠠᠭᠠᠨ ᠭᠠᠵᠠᠷ ᠠᠴᠠ ᠵᠥᠡᠭᠨᠠᠢ | ᠫᠠᠶᠢᠳᠠᠨ᠂ ᠭᠤᠨᠭ᠍ᠭᠤᠷ ᠬᠥᠨᠳᠤ ︵ᠰᠤᠮᠤᠨ ᠬᠥᠨᠳᠤ︶ ᠭᠡᠮᠡᠬᠦ ᠬᠤᠶᠠᠷ ᠲᠥᠰᠢᠮᠡᠳ᠂ ᠰᠧᠯᠢᠩ ᠶᠠᠮᠤᠨ ᠠᠴᠠ | ᠢᠰᠢᠮᠡᠵᠢᠳ ᠨᠠᠷ ᠬᠥᠷᠤᠯᠴᠠᠨ ᠢᠷᠡᠵᠤ ᠲᠠᠬᠢᠯᠭ᠎ᠠ ᠶᠢᠨ ᠠᠵᠢᠯ ᠳᠤ ᠤᠷᠤᠯᠴᠠᠵᠤ᠂ ᠥᠰᠤᠳᠤ ᠯᠠᠮᠠ ᠤᠡᠭᠰᠢᠯᠭ᠎ᠠ | ᠲᠠᠬᠢᠯᠭ᠎ᠠ ᠶᠢ ᠭᠤᠤᠯ ᠡᠷᠬᠢᠯᠡᠨ ᠬᠢᠵᠡᠢ᠃ ᠴᠥᠯᠳᠤᠮ ᠤᠮᠵᠠᠳ᠂ ᠠᠷᠢᠶ᠎ᠠ ᠯᠠᠮᠠ ᠬᠤᠶᠠᠷ ᠤᠡᠭᠰᠢᠯᠭ᠎ᠠ ᠶᠢᠨ ᠠᠵᠢᠯ ᠢ | ᠬᠠᠪᠰᠤᠷᠤᠨ ᠬᠥᠢᠴᠡᠳᠭᠡᠪᠡ᠃ ᠲᠡᠳᠡ ᠲᠠᠪᠤᠨ ᠥᠡᠭᠭᠡ ᠶᠢᠨ ᠪᠥᠰ ᠢᠶᠠᠷ ᠭᠡᠶᠢᠮᠤᠷᠢ ᠶᠢᠨ ᠪᠠᠷ ᠲᠠᠷᠤᠮᠠᠯᠯᠠᠬᠰᠠᠨ | ᠲᠠᠷᠴᠤᠬ ᠭᠡᠶᠢᠰᠭᠡᠵᠤ᠂ ᠲᠤᠤᠷᠠᠢ ᠶᠢᠨ ᠢᠷᠤᠭᠠᠷ ᠲᠤ ᠪᠢᠴᠢᠬᠠᠨ ᠰᠢᠪᠡᠷ ᠪᠤᠩᠬᠤᠨ ᠪᠤᠰᠬᠠᠵᠤ᠂ ᠬᠥᠵᠢ ᠵᠤᠯᠠ | ᠠᠰᠠᠭᠠᠵᠤ᠂ ᠬᠠᠳᠠᠬ ᠰᠠᠮᠪᠠᠢ ᠡᠷᠬᠦᠵᠡᠢ᠃ ᠲᠤᠰ ᠲᠤᠤᠷᠠᠢ ᠳᠠᠭᠠᠨ ᠪᠠᠰᠠ ᠴᠠᠭᠠᠨ ᠬᠠᠯᠢᠭᠤᠨ ᠮᠤᠷᠢ᠂ ᠴᠠᠭᠠᠨ | ᠲᠡᠮᠡᠭᠡ᠂ ᠴᠠᠭᠠᠨ ᠬᠤᠨᠢ᠂ ᠴᠠᠭᠠᠨ ᠢᠮᠠᠭ᠎ᠠ ᠭᠡᠬᠦ ᠲᠥᠷᠪᠡᠨ ᠴᠠᠭᠠᠨ ᠤ ᠰᠡᠳᠡᠷ ᠡᠷᠬᠦᠵᠤ᠂ ᠬᠥᠷᠤᠯᠴᠡᠨ ᠢᠷᠡᠭᠰᠡᠨ | ᠤᠯᠠᠨ ᠤᠯᠤᠰ ᠲᠠᠭᠠᠨ ᠤᠮᠳᠠ ᠴᠠᠢ ᠲᠠᠯᠪᠢᠵᠤ᠂ ᠲᠠᠯᠠᠢ ᠶᠡᠭᠡ ᠨᠠᠶᠢᠷ ᠡᠬᠦᠰᠭᠡᠵᠡᠢ᠃ ᠲᠠᠬᠢᠯᠭ᠎ᠠ ᠶᠢᠨ ᠡᠳᠤᠷ ᠤᠨ | ᠥᠳᠡ ᠳᠤ ᠭᠡᠨᠡᠳᠳᠡ ᠡᠬᠦᠯᠡ ᠭᠠᠷᠴᠤ ᠪᠤᠷᠤᠭᠠᠨ ᠤᠷᠤᠵᠤ ᠡᠬᠢᠯᠡᠬᠦ ᠳᠤ ᠪᠤᠯᠠᠬ ᠬᠠᠳᠤᠨ ᠲᠡᠷᠢᠬᠦᠳᠡᠢ ᠴᠤᠬᠯᠠᠷᠬᠠᠰᠠᠨ | ᠤᠯᠠᠨ ᠰᠥᠵᠢᠭᠳᠡᠨ ᠰᠠᠴᠤᠯᠢ ᠲᠡᠭᠡᠵᠢ ᠪᠠᠨ ᠡᠷᠬᠦᠵᠤ ᠢᠷᠤᠭᠡᠯ ᠮᠠᠬᠳᠠᠭᠠᠯ ᠢᠶᠠᠨ ᠲᠠᠯᠪᠢᠵᠡᠢ᠃ ᠲᠡᠭᠡᠭᠡᠳ ᠤᠷᠤᠢ | ᠪᠤᠯᠬᠤ ᠳᠤ ᠴᠡᠯᠮᠡᠭ ᠠᠭᠠᠷ ᠲᠤ ᠲᠠᠪᠤᠨ ᠥᠡᠭᠭᠡ ᠶᠢᠨ ᠰᠤᠯᠤᠩᠭ᠎ᠠ ᠲᠠᠳᠠᠪᠠ ᠭᠡᠨ᠎ᠠ᠃ | ᠲᠠᠬᠢᠯᠭ᠎ᠠ ᠶᠢᠨ ᠲᠠᠷᠠᠭ᠎ᠠ ᠤᠳᠠᠬᠰᠠᠨ ᠥᠭᠡᠢ ᠪᠤᠯᠠᠬ ᠬᠠᠳᠤᠨ ᠤ ᠬᠥᠯ ᠤᠨ ᠶᠠᠷ᠎ᠠ ᠨᠢ ᠡᠳᠡᠭᠡᠷᠡᠵᠤ ᠭᠡᠨ᠎ᠠ᠃ | ᠡᠵᠡᠨ᠎ᠠ ᠬᠤᠰᠢᠭᠤᠨ ᠤ ᠨᠤᠶᠠᠨ᠂ ᠬᠠᠳᠤᠨ ᠤ ᠠᠮᠢᠳᠤᠷᠠᠯ ᠳᠤ ᠲᠤᠬᠢᠶᠠᠯᠳᠤᠬᠰᠠᠨ ᠭᠡᠷᠡᠭ ᠪᠤᠯᠤᠨ ᠰᠠᠬᠢᠭᠤᠯᠰᠤᠨ | ᠲᠤᠤᠷᠠᠢ ᠶᠢ ᠰᠡᠳᠡᠷᠯᠡᠭᠰᠡᠨ ᠮᠤᠳᠤᠨ ᠰᠢᠳᠤᠭᠡᠨ ᠤ ᠵᠠᠩ ᠤᠢᠢᠯᠡ ᠶᠢᠨ ᠲᠤᠬᠢᠶᠠᠯᠳᠤᠯ ᠪᠥᠬᠦᠢ ᠡᠨᠡ ᠬᠦ ᠬᠠᠴᠢᠨ | ᠰᠤᠨᠢᠨ ᠬᠠᠭᠤᠴᠢ ᠶᠠᠷᠢᠶ᠎ᠠ ᠨᠢ ᠤᠳᠤ ᠬᠥᠷᠳᠡᠯ᠎ᠠ ᠬᠤᠰᠢᠭᠤ ᠨᠤᠳᠤᠬ ᠤᠨ ᠠᠷᠠᠳ ᠤᠨ ᠲᠤᠮᠳᠠ ᠠᠮᠠ ᠪᠠᠷ ᠲᠡᠮᠵᠢᠨ | ᠤᠯᠠᠮᠵᠢᠯᠠᠬᠳᠠᠵᠤ ᠪᠤᠢ᠃ | | |