| ᠵᠠᠭᠠᠨ ᠪᠣᠯ ᠡᠬᠡ ᠬᠠᠭᠤᠷᠠᠶ ᠳᠡᠭᠡᠷ᠎ᠡ ᠠᠮᠢᠳᠤᠷᠠᠵᠤ ᠪᠠᠶᠢᠭ᠎ᠠ ᠬᠠᠮᠤᠭ ᠤᠨ ᠲᠣᠮᠣ ᠬᠥᠬᠦᠲᠡᠨ ᠠᠮᠢᠲᠠᠨ ᠪᠤᠯᠤᠨ᠎ᠠ᠃ | | ᠵᠠᠭᠠᠨ ᠤ ᠢᠳᠡᠬᠦ ᠬᠡᠮᠵᠢᠶ᠎ᠡ ᠮᠠᠰᠢ ᠶᠡᠭᠡ᠂ ᠨᠠᠰᠤᠨ ᠳᠤ ᠬᠦᠷᠦᠭᠰᠡᠨ ᠵᠠᠭᠠᠨ ᠡᠳᠦᠷ ᠲᠤ ᠪᠠᠷᠤᠭ 300 | ᠺᠢᠯᠤᠭ᠍ᠷᠠᠮ ᠢᠳᠡᠳᠡᠭ᠃ ᠭᠤᠤᠯᠳᠠᠭᠤ ᠮᠣᠳᠣ᠂ ᠨᠠᠪᠴᠢ᠂ ᠵᠢᠮᠢᠰ᠂ ᠮᠣᠳᠣᠨ ᠰᠠᠯᠠᠭ᠎ᠠ᠂ ᠬᠤᠯᠤᠰᠤ ᠵᠡᠷᠭᠡ ᠪᠠᠷ ᠭᠤᠤᠯ | ᠢᠳᠡᠭᠡᠨ ᠪᠣᠯᠭᠠᠨ᠎ᠠ᠃ | ᠵᠠᠭᠠᠨ ᠮᠠᠰᠢ ᠶᠡᠭᠡ ᠬᠦᠴᠦ ᠲᠠᠢ᠂ ᠪᠦᠳᠦᠬᠦᠨ ᠤᠷᠭᠤᠭ᠎ᠠ ᠮᠣᠳᠣ ᠶᠢ ᠴᠦ ᠠᠮᠠᠷᠬᠠᠨ ᠳᠦᠯᠬᠢᠨ ᠤᠨᠠᠭᠠᠵᠤ | ᠴᠢᠳᠠᠳᠠᠭ᠃ ᠵᠠᠷᠢᠮ ᠦᠶᠡᠰ ᠠᠷᠰᠯᠠᠨ ᠴᠤ ᠲᠡᠭᠦᠨ ᠠᠴᠠ ᠬᠡᠯᠮᠡᠭᠳᠡᠳᠡᠭ᠃ | ᠠᠽᠢᠶ᠎ᠠ ᠶᠢᠨ ᠵᠠᠭᠠᠨ᠄ ᠳᠤᠮᠳᠠᠳᠤ ᠤᠯᠤᠰ ᠤᠨ ᠶᠦᠨᠨᠠᠨ ᠮᠤᠵᠢ ᠶᠢᠨ ᠡᠮᠦᠨᠡᠲᠦ ᠬᠡᠰᠡᠭ ᠲᠤ ᠲᠠᠷᠬᠠᠵᠤ ᠪᠠᠶᠢᠨ᠎ᠠ᠃ | ᠭᠠᠳᠠᠭᠠᠳᠤ ᠳᠤ ᠡᠮᠦᠨᠡᠲᠦ ᠠᠽᠢᠶ᠎ᠠ ᠪᠠ ᠵᠡᠭᠦᠨ ᠡᠮᠦᠨᠡᠲᠦ ᠠᠽᠢᠶ᠎ᠠ ᠶᠢᠨ ᠭᠠᠵᠠᠷ ᠣᠷᠣᠨ ᠳᠤ ᠲᠠᠷᠬᠠᠵᠤ ᠪᠤᠶ᠃ | ᠶᠡᠷᠦ ᠳᠡᠭᠡᠨ ᠪᠡᠶ᠎ᠡ ᠶᠢᠨ ᠥᠨᠳᠥᠷ ᠨᠢ ᠪᠠᠷᠤᠭ 2.9 ᠮᠧᠲᠷ ︵ᠬᠠᠮᠤᠭ ᠤᠨ ᠥᠨᠳᠥᠷ ᠲᠡᠮᠳᠡᠭᠯᠡᠯ ᠨᠢ 3.3 ᠮᠧᠲᠷ︶ | ᠪᠠᠶᠢᠵᠤ᠂ ᠬᠦᠨᠳᠦ ᠨᠢ 6 ᠲᠣᠨ ᠳᠤ ᠬᠦᠷᠴᠦ ᠪᠠᠶᠢᠨ᠎ᠠ᠃ ᠠᠽᠢᠶ᠎ᠠ ᠵᠠᠭᠠᠨ ᠪᠣᠯ ︽ᠣᠯᠠᠨ ᠤᠯᠤᠰ ᠤᠨ ᠮᠥᠬᠦᠬᠦ | ᠰᠢᠬᠠᠭᠰᠠᠨ ᠳᠦᠷᠰᠦ ᠶᠢᠨ ᠲᠦᠷᠦᠯ ᠤᠨ ᠠᠷᠠᠯᠵᠢᠶᠠᠨ ᠤ ᠨᠡᠶᠢᠲᠡ ᠶᠢᠨ ᠭᠡᠷ᠎ᠡ︾ ᠶᠢᠨ ᠮᠥᠬᠦᠬᠦ ᠰᠢᠬᠠᠭᠰᠠᠨ | ᠳᠦᠷᠰᠦ ᠶᠢᠨ ᠲᠦᠷᠦᠯ ᠤᠨ ᠨᠢᠭᠡ ᠨᠢ ᠪᠤᠯᠤᠨ᠎ᠠ᠂ ᠪᠠᠰᠠ ᠴᠤ ᠳᠤᠮᠳᠠᠳᠤ ᠤᠯᠤᠰ ᠤᠨ ᠨᠢᠭᠡᠳᠦᠭᠡᠷ ᠳᠡᠰ ᠤᠨ | ᠬᠡᠭᠡᠷ᠎ᠡ ᠶᠢᠨ ᠬᠠᠮᠠᠭᠠᠯᠠᠯᠲᠠ ᠶᠢᠨ ᠠᠮᠢᠲᠠᠨ ᠪᠣᠯᠤᠨ᠎ᠠ᠂ ᠳᠤᠮᠳᠠᠳᠤ ᠤᠯᠤᠰ ᠤᠨ ᠬᠢᠯᠢ ᠳᠣᠲᠣᠷᠠᠬᠢ ᠬᠡᠭᠡᠷ᠎ᠡ ᠶᠢᠨ ᠵᠠᠭᠠᠨ | ᠣᠳᠣ ᠵᠥᠪᠬᠡᠨ 300 ᠭᠠᠷᠤᠶ ᠦᠯᠡᠳᠡᠵᠦ ᠪᠠᠶᠢᠨ᠎ᠠ᠃ | | | | | ᠠᠽᠢᠶ᠎ᠠ ᠶᠢᠨ ᠵᠠᠭᠠᠨ ︵ᠪᠠᠰᠠ ᠵᠠᠭᠠᠨ ᠭᠡᠳᠡᠭ︶᠄ ᠬᠠᠯᠠᠭᠤᠨ ᠪᠦᠰᠡᠨ ᠤ ᠣᠶ ᠰᠢᠭᠤᠶ᠂ ᠪᠤᠲᠠᠯᠢᠭ ᠣᠶ ᠪᠤᠶᠤ | ᠲᠠᠯ᠎ᠠ ᠨᠤᠳᠤᠭ ᠢᠶᠠᠷ ᠠᠮᠢᠳᠤᠷᠠᠳᠠᠭ᠃ ᠪᠦᠯᠦᠭᠯᠡᠨ ᠰᠠᠭᠤᠷᠢᠰᠢᠵᠤ᠂ ᠡᠮ᠎ᠡ ᠵᠠᠭᠠᠨ ᠬᠤᠰᠢᠭᠤᠴᠢᠯᠠᠳᠠᠭ᠂ ᠲᠣᠭᠲᠠᠮᠠᠯ | ᠣᠷᠣᠰᠢᠨ ᠠᠮᠢᠳᠤᠷᠠᠳᠠᠭ ᠤᠷᠤᠨ ᠪᠠᠶᠢᠬᠤ ᠦᠭᠡᠢ᠃ ᠬᠠᠷᠠᠭᠠᠨ ᠰᠡᠷᠡᠯ ᠠᠨᠠᠢ ︵ᠭᠤᠣᠯᠳᠠᠭᠤ ᠵᠠᠭᠠᠨ ᠤ ᠰᠣᠷᠮᠤᠤᠰᠤ | ᠤᠷᠲᠤ ᠤᠴᠢᠷ ᠠᠴᠠ ᠬᠠᠷᠠᠭ᠎ᠠ ᠶᠢ ᠨᠢ ᠨᠦᠯᠦᠭᠡᠯᠡᠳᠡᠭ︶᠂ ᠦᠨᠦᠷᠯᠡᠬᠦ᠂ ᠰᠣᠨᠣᠰᠬᠤ ᠰᠡᠷᠡᠯ ᠰᠣᠷᠭᠤᠭ᠂ ᠠᠭᠠᠭᠢᠮ᠎ᠠ | ᠬᠠᠯᠠᠭᠤᠨ ᠴᠠᠭ ᠲᠤ ᠤᠰᠤᠨ ᠳᠤ ᠰᠡᠷᠢᠬᠦᠴᠡᠬᠦ ᠲᠤᠷᠠᠳᠠᠢ᠃ ᠬᠡᠭᠡᠷ᠎ᠡ ᠶᠢᠨ ᠡᠪᠡᠰᠦ᠂ ᠮᠣᠳᠣᠨ ᠨᠠᠪᠴᠢ᠂ ᠬᠤᠯᠤᠰᠤᠨ | ᠨᠠᠪᠴᠢ᠂ ᠬᠡᠭᠡᠷ᠎ᠡ ᠶᠢᠨ ᠵᠢᠮᠢᠰ ᠵᠡᠷᠭᠡ ᠪᠠᠷ ᠢᠳᠡᠰᠢ ᠪᠣᠯᠭᠠᠳᠠᠭ᠃ | ᠠᠹᠷᠢᠺᠠ ᠵᠠᠭᠠᠨ᠄ ᠠᠹᠷᠢᠺᠠ ᠲᠢᠪ ᠤᠨ ᠳᠤᠮᠳᠠ ᠬᠡᠰᠡᠭ᠂ ᠵᠡᠭᠦᠨ ᠬᠡᠰᠡᠭ ᠪᠠ ᠡᠮᠦᠨᠡᠲᠦ ᠬᠡᠰᠡᠭ ᠢᠶᠠᠷ | ᠲᠠᠷᠬᠠᠳᠠᠭ᠃ | ᠠᠹᠷᠢᠺᠠ ᠵᠠᠭᠠᠨ ᠳᠠᠯᠠᠶ ᠶᠢᠨ ᠲᠦᠪᠰᠢᠨ ᠠᠴᠠ 5000 ᠮᠧᠲᠷ ᠡᠷᠭᠦᠭᠳᠡᠭᠰᠡᠨ ᠬᠠᠯᠠᠭᠤᠨ ᠪᠦᠰᠡᠨ ᠤ ᠣᠶ | ᠰᠢᠭᠤᠶ᠂ ᠪᠤᠲᠠᠯᠢᠭ ᠣᠶ ᠪᠠ ᠲᠠᠯ᠎ᠠ ᠨᠤᠲᠤᠭ ᠲᠤ ᠠᠮᠢᠳᠤᠷᠠᠵᠤ᠂ ᠣᠳᠣ ᠪᠠᠶᠢᠭ᠎ᠠ ᠬᠠᠮᠤᠭ ᠤᠨ ᠲᠣᠮᠣ ᠡᠬᠡ | ᠬᠠᠭᠤᠷᠠᠶ ᠶᠢᠨ ᠬᠥᠬᠦᠲᠡᠨ ᠠᠮᠢᠲᠠᠨ ᠪᠣᠯᠤᠨ᠎ᠠ᠃ ᠪᠦᠯᠦᠭᠯᠡᠨ ᠰᠠᠭᠤᠷᠢᠰᠢᠵᠤ᠂ ᠡᠷᠡᠭᠴᠢᠨ ᠵᠠᠭᠠᠨ ᠬᠤᠰᠢᠭᠤᠴᠢᠯᠠᠳᠠᠭ᠂ | ᠲᠣᠭᠲᠠᠮᠠᠯ ᠣᠷᠣᠰᠢᠨ ᠠᠮᠢᠳᠤᠷᠠᠳᠠᠭ ᠤᠷᠤᠨ ᠪᠠᠶᠢᠬᠤ ᠦᠭᠡᠢ᠃ ᠡᠪᠡᠰᠦ᠂ ᠮᠣᠳᠣᠨ ᠨᠠᠪᠴᠢ᠂ ᠮᠣᠳᠣᠨ ᠤ ᠬᠠᠯᠢᠰᠤ᠂ | ᠨᠢᠯᠬ᠎ᠠ ᠮᠥᠴᠢᠷ ᠵᠡᠷᠭᠡ ᠪᠠᠷ ᠢᠳᠡᠰᠢ ᠪᠣᠯᠭᠠᠳᠠᠭ᠃ | | | | | |