ᠬᠤᠪᠢᠯᠠᠢ ᠬᠠᠭᠠᠨ ᠤ ᠦᠶ᠎ᠡ ᠳᠤ ᠬᠠᠣᠯᠢ ᠪᠠᠷ ᠪᠠᠶᠢᠭᠠᠯᠢ ᠬᠠᠮᠠᠭᠠᠯᠠᠳᠠᠭ ᠪᠠᠶᠢᠵᠠᠢ
ᠨᠡᠶᠢᠲᠡᠯᠡᠭᠰᠡᠨ ᠴᠠᠭ᠄
2020/12/28
     ᠬᠤᠪᠢᠯᠠᠢ ᠬᠠᠭᠠᠨ ᠤ ᠦᠶ᠎ᠡ ᠳᠤ ᠬᠡᠳᠦ ᠬᠡᠳᠦᠨ ᠬᠠᠤᠯᠢ ᠴᠠᠭᠠᠵᠠ ᠪᠠᠲᠤᠯᠠᠭᠳᠠᠨ ᠭᠠᠷᠤᠭᠰᠠᠨ ᠤ ᠲᠤᠳᠤᠷ᠎ᠠ ᠲᠤᠮᠤᠬᠠᠨ ᠨᠢ ︽ᠶᠡᠭᠡ ᠶᠤᠧᠠᠨ ᠤ ᠨᠡᠪᠲᠡᠷᠬᠡᠢ ᠬᠠᠤᠯᠢ︾᠂ ︽ᠶᠡᠭᠡ ᠶᠤᠧᠠᠨ ᠤ ᠬᠠᠤᠯᠢ ᠴᠠᠭᠠᠵᠠ ᠶᠢᠨ ᠪᠢᠴᠢᠭ︾ ᠮᠦᠨ ᠪᠣᠯᠬᠤ ᠶᠢ ᠡᠷᠳᠡᠮᠲᠡᠨ ᠰᠣᠳᠣᠯᠣᠭᠠᠴᠢᠳ ᠲᠡᠮᠳᠡᠭᠯᠡᠵᠦ ᠪᠠᠶᠢᠨ᠎ᠠ᠃      ᠲᠡᠣᠬᠡᠴᠢ᠂ ᠠᠺᠠᠳᠧᠮᠢᠴᠢ ᠴ᠊᠂ ᠳᠠᠯᠠᠢ ︽ᠶᠡᠭᠡ ᠶᠤᠧᠠᠨ ᠤ ᠨᠡᠪᠲᠡᠷᠬᠡᠢ ᠬᠠᠤᠯᠢ︾᠎ ᠨᠢ ᠡᠮᠦᠨᠡᠬᠢ ᠬᠠᠤᠯᠢ ᠵᠠᠷᠯᠢᠭ ᠤᠳ ᠤᠨ ᠡᠮᠬᠢᠳᠬᠡᠯ ᠪᠠᠶᠢᠭᠰᠠᠨ ᠭᠡᠵᠦ ᠦᠵᠡᠳᠡᠭ᠃      ᠶᠤᠧᠠᠨ ᠭᠦᠷᠦᠨ ᠤ ᠦᠶ᠎ᠡ ᠶᠢᠨ ᠬᠠᠤᠯᠢ ᠮᠣᠩᠭᠤᠯ ᠤᠨ ᠡᠷᠲᠡᠨ ᠤ ᠪᠤᠰᠤᠳ ᠬᠠᠤᠯᠢ ᠴᠠᠭᠠᠵᠠ ᠨᠤᠭᠤᠳ ᠎ ᠲᠠᠢ ᠬᠠᠷᠢᠴᠠᠭᠤᠯᠬᠤ ᠳᠤ ᠪᠠᠭ᠎ᠠ ᠰᠤᠳᠤᠯᠤᠭᠳᠠᠭᠰᠠᠨ ᠪᠠᠶᠢᠳᠠᠭ ᠪᠠᠶᠢᠨ᠎ᠠ᠃ ᠶᠤᠧᠠᠨ ᠭᠦᠷᠦᠨ ᠤ ᠬᠠᠮᠣᠷᠣᠭᠰᠠᠨ ᠦᠷᠭᠡᠨ ᠠᠭᠤᠳᠠᠮ ᠨᠣᠲᠤᠭ ᠳᠡᠪᠢᠰᠭᠡᠷ᠂ ᠰᠠᠭᠤᠷᠢᠰᠢᠮᠠᠯ ᠪᠤᠯᠤᠨ ᠨᠡᠭᠦᠳᠡᠯᠴᠢᠨ ᠰᠣᠶᠣᠯ ᠢᠷᠭᠡᠨᠰᠢᠯ ᠤᠨ ᠬᠤᠣᠰᠯᠠᠯ᠂ ᠵᠠᠩ ᠵᠠᠩᠰᠢᠯ᠂ ᠠᠬᠤᠢ ᠠᠮᠢᠳᠤᠷᠠᠯ᠂ ᠡᠳ᠋ ᠤᠨ ᠵᠠᠰᠠᠭ᠂ ᠵᠠᠰᠠᠭ ᠵᠠᠬᠢᠷᠭᠠᠨ ᠤ ᠣᠨᠴᠠᠯᠢᠭ ᠲᠠᠢ ᠣᠶᠠᠯᠳᠣᠨ ᠬᠠᠤᠯᠢ ᠴᠠᠭᠠᠵᠠ ᠶᠢᠨ ᠰᠣᠳᠣᠯᠭ᠎ᠠ ᠨᠢ ᠨᠠᠷᠢᠨ ᠲᠦᠪᠡᠭᠲᠡᠢ ᠪᠠᠶᠢᠵᠤ ᠪᠤᠯᠬᠤ ᠪᠢᠯᠡ᠃      ᠶᠡᠭᠡ ᠶᠤᠧᠠᠨ ᠤ ᠨᠡᠪᠲᠡᠷᠬᠡᠢ ᠬᠠᠣᠯᠢ ᠳᠤ ᠮᠣᠩᠭᠤᠯ ᠬᠠᠣᠯᠢ ᠶᠢᠨ ᠲᠡᠷᠡ ᠳᠣᠮᠳᠠ ᠪᠠᠨ ᠶᠡᠭᠡ ᠵᠠᠰᠠᠭ ᠬᠠᠣᠯᠢ ᠎ ᠶᠢᠨ ᠵᠢᠭᠠᠯᠲᠠ᠂ ᠨᠦᠯᠦᠭᠡ᠂ ᠮᠣᠩᠭᠤᠯ ᠵᠠᠩᠰᠢᠯ ᠦᠯᠠᠮᠵᠢ ᠶᠡᠬᠡᠪᠡᠷ ᠲᠤᠰᠬᠠᠭᠳᠠᠭᠰᠠᠨ ᠤ ᠲᠤᠳᠤᠷ᠎ᠠ ᠪᠠᠶᠢᠭᠠᠯᠢ ᠬᠠᠮᠠᠭᠠᠯᠠᠬᠤ ᠲᠠᠢ ᠬᠤᠯᠪᠤᠭ᠎ᠠ ᠲᠠᠢ ᠵᠦᠢᠯ ᠵᠢᠭᠠᠯᠲᠠ ᠨᠤᠭᠤᠳ ᠣᠯᠠᠨ ᠲᠠᠢ ᠪᠠᠶᠢᠭ᠎ᠠ ᠪᠤᠯᠤᠨ᠎ᠠ᠃ ᠢᠯᠠᠩᠭᠤᠶ᠎ᠠ ᠭᠠᠵᠠᠷ ᠬᠦᠷᠦᠰᠦ᠂ ᠣᠰᠤ᠂ ᠣᠢ ᠮᠣᠳᠣ᠂ ᠠᠩ ᠠᠮᠢᠳᠠᠨ ᠢ ᠬᠠᠮᠠᠭᠠᠯᠠᠬᠤ᠂ ᠠᠩ ᠠᠪᠠ ᠬᠢᠬᠦ᠂ ᠣᠢ ᠬᠡᠭᠡᠷ᠎ᠡ ᠶᠢ ᠲᠦᠢᠮᠡᠷ ᠠᠴᠠ ᠬᠠᠮᠠᠭᠠᠯᠠᠬᠤ ᠲᠠᠢ ᠬᠤᠯᠪᠤᠭ᠎ᠠ ᠪᠦᠬᠦᠢ ᠡᠷᠬᠡ ᠵᠦᠢ ᠶᠢᠨ ᠬᠡᠮ ᠬᠡᠮᠵᠢᠶ᠎ᠡ ᠲᠣᠰᠬᠠᠭᠳᠠᠭᠰᠠᠨ ᠨᠢ ᠦᠨᠳᠦᠰᠦᠨ ᠳᠡᠭᠡᠨ ᠶᠡᠭᠡ ᠵᠠᠰᠠᠭ ᠬᠠᠣᠯᠢ ᠶᠢᠨ ᠵᠢᠭᠠᠯᠲᠠ ᠨᠤᠭᠤᠳ ᠪᠠᠷᠤᠭ ᠲᠡᠷᠡ ᠴᠢᠭ ᠢᠶᠠᠷ ᠢᠶᠠᠨ ᠣᠷᠤᠵᠠᠢ᠃      ᠲᠤᠣᠷ᠎ᠠ ᠳᠤᠷᠠᠳᠤᠭᠰᠠᠨ 3 ᠵᠦᠢᠯ ᠵᠢᠭᠠᠯᠳᠠ ᠶᠢ ᠨᠠᠷᠢᠪᠴᠢᠯᠠᠨ ᠰᠢᠨ᠎ᠠ ᠪᠠᠷ ᠣᠷᠣᠭᠤᠯᠣᠭᠰᠠᠨ ᠪᠠᠶᠢᠳᠠᠭ ᠪᠠᠶᠢᠨ᠎ᠠ᠃      ᠠᠩ ᠠᠪᠠ ᠬᠢᠬᠦ ᠵᠢᠭᠠᠯᠲᠠ᠄      ᠬᠤᠪᠢᠯᠠᠢ ᠬᠠᠭᠠᠨ ᠤ ᠵᠠᠷᠯᠢᠭ᠄ ︽ᠶᠡᠭᠡ ᠬᠠᠭᠠᠨ ᠤ ᠵᠠᠬᠢᠷᠭᠠᠨ ᠤ ᠪᠦᠬᠦ ᠭᠠᠵᠠᠷ ᠨᠣᠲᠤᠭ ᠲᠤ ᠭᠤᠷᠪᠠᠳᠤᠭᠠᠷ ᠰᠠᠷ᠎ᠠ ᠠᠴᠠ ᠠᠷᠪᠠᠨ ᠬᠤᠶᠠᠳᠤᠭᠠᠷ ᠰᠠᠷ᠎ᠠ ᠬᠦᠷᠳᠡᠯ᠎ᠡ ᠠᠩ ᠠᠮᠢᠲᠠᠨ ᠦᠷᠡᠵᠢᠵᠤ ᠲᠦᠯᠯᠡᠬᠦ ᠦᠶ᠎ᠡ ᠳᠤ ᠶᠠᠮᠠᠷ ᠴᠦ ᠬᠠᠨ ᠸᠠᠩ᠂ ᠨᠣᠶᠠᠳ ᠰᠠᠶᠢᠳ ᠶᠡᠷᠦ ᠬᠡᠨ ᠬᠦᠮᠦᠨ ᠪᠦᠬᠦ ᠲᠦᠷᠦᠯ ᠤᠨ ᠠᠩ ᠠᠮᠢᠲᠠᠨ᠂ ᠮᠠᠷᠠᠯ ᠪᠣᠭᠤ᠂ ᠲᠠᠤᠯᠠᠢ ᠴᠢᠨᠳᠠᠭ᠎ᠠ᠂ ᠵᠡᠭᠡᠷ᠎ᠡ ᠭᠦᠷᠦᠭᠡᠰᠦ ᠮᠡᠲᠤ ᠶᠢ ᠠᠪᠠᠯᠠᠬᠤ ᠶᠢ ᠬᠤᠷᠢᠭᠯᠠᠨ᠎ᠠ᠃ ᠬᠡᠷᠪᠡ ᠵᠦᠷᠢᠴᠡᠪᠡᠯ ᠬᠠᠳᠠᠭᠤ ᠴᠡᠭᠡᠷᠯᠡᠭᠦᠯᠦᠨ᠎ᠡ︾ ᠭᠡᠵᠦ ᠵᠢᠭᠠᠭᠰᠠᠨ ᠢ᠂ ᠲᠡᠭᠦᠨ ᠢ ᠪᠠᠨ ᠪᠡᠶᠡᠯᠡᠬᠦᠯᠬᠦ ᠶᠢ ᠬᠠᠳᠠᠭᠤ ᠱᠠᠭᠠᠷᠳᠠᠳᠠᠭ ᠲᠤᠬᠠᠢ ︽ᠵᠢᠯ ᠪᠦᠷᠢ 3᠎ ᠠᠴᠠ 10 ᠳ᠋ᠣᠭᠠᠷ ᠰᠠᠷ᠎ᠠ ᠬᠦᠷᠳᠡᠯ᠎ᠡ ᠲᠠᠤᠯᠠᠢ᠂ ᠪᠣᠭᠤ᠂ ᠪᠣᠷᠣ ᠭᠦᠷᠦᠭᠡᠰᠦ᠂ ᠴᠠᠭᠠᠨ ᠵᠡᠭᠡᠷ᠎ᠡ᠂ ᠬᠠᠷ᠎ᠠ ᠰᠡᠭᠦᠯᠲᠦ ᠵᠡᠷᠭᠡ ᠶᠢ ᠲᠦᠷᠦᠬᠦ ᠦᠷᠡᠵᠢᠬᠦ ᠴᠠᠭ ᠲᠤ ᠨᠢ ᠬᠠᠨ ᠸᠠᠩ᠂ ᠡᠷᠬᠡᠳᠡᠨ ᠳᠠᠷᠬᠠᠲᠠᠨ ᠶᠠᠮᠠᠷ ᠴᠦ ᠬᠦᠮᠦᠨ ᠠᠩᠨᠠᠬᠤ ᠡᠷᠬᠡ ᠦᠭᠡᠢ ᠭᠡᠰᠡᠨ ᠬᠠᠤᠯᠢ ᠳᠦᠷᠢᠮ ᠮᠣᠩᠭᠤᠯ ᠳᠤ ᠪᠠᠶᠢᠬᠤ ᠶᠤᠮ︾ ᠭᠡᠵᠦ ᠮᠣᠩᠭᠤᠯ ᠳᠤ 25 ᠵᠢᠯ ᠠᠮᠢᠳᠣᠷᠠᠨ ᠰᠠᠭᠤᠭᠠᠳ 1327 ᠣᠨ ᠳᠤ ᠨᠣᠲᠤᠭ ᠪᠣᠴᠠᠭᠰᠠᠨ ᠢᠲ᠋ᠠᠯᠢ ᠶᠢᠨ ᠢᠷᠭᠡᠨ ᠮᠠᠷᠺᠦ ᠫᠤᠯᠤ᠋ ᠨᠣᠮ ᠳᠠᠭᠠᠨ ᠳᠣᠷᠠᠳᠣᠨ ᠪᠢᠴᠢᠭᠰᠡᠨ ᠪᠠᠶᠢᠨ᠎ᠠ᠃      ᠬᠤᠪᠢᠯᠠᠢ ᠬᠠᠭᠠᠨ ᠤ ᠦᠪᠡᠷ ᠤᠨ ᠰᠤᠩᠭᠤᠨ ᠠᠪᠣᠭᠰᠠᠨ ᠨᠡᠶᠢᠰᠯᠡᠯ ᠬᠠᠭᠠᠨ ᠪᠠᠯᠭᠠᠰᠣᠨ ᠳᠤ ( ᠪᠡᠭᠡᠵᠢᠩ ) ᠬᠤᠳᠠ ᠠᠴᠠ ᠵᠢᠯ ᠪᠦᠷᠢ ᠰᠢᠷ᠎ᠠ ᠮᠦᠷᠡᠨ ᠤ ᠵᠦᠭ ᠶᠡᠭᠡ ᠠᠩ ᠬᠤᠮᠣᠷᠭ᠎ᠠ ᠳᠤ ᠮᠣᠷᠳᠠᠳᠠᠭ ᠪᠠᠶᠢᠭᠰᠠᠨ ᠪᠦᠭᠡᠳ ᠡᠶᠢᠨᠬᠦ ᠶᠠᠪᠤᠬᠤ ᠳᠠᠭᠠᠨ ᠣᠯᠠᠨ ᠵᠠᠭᠤᠨ ᠪᠠᠷ᠎ᠠ ᠪᠣᠯᠣᠭᠴᠢᠳ ᠮᠦᠨ ᠠᠩ ᠠᠮᠢᠳᠠᠨ ᠢ ᠪᠠᠷᠢᠭᠤᠯᠵᠣ ᠰᠤᠷᠭᠠᠭᠰᠠᠨ ᠨᠣᠬᠠᠢ᠂ ᠠᠷᠰᠯᠠᠨ᠂ ᠪᠠᠷᠰ᠂ ᠴᠢᠨ᠋ᠸ᠎ᠠ᠂ ᠱᠤᠩᠬᠤᠷ᠂ ᠪᠦᠷᠭᠦᠳ ᠮᠡᠳᠦ ᠶᠢᠨ ᠣᠯᠠᠨ ᠠᠮᠢᠲᠠᠨ ᠢᠶᠠᠨ ᠠᠪᠴᠣ ᠶᠠᠪᠣᠵᠤ ᠲᠠᠭᠠᠷᠠᠯᠳᠤᠭᠰᠠᠨ ᠠᠩ ᠠᠮᠢᠳᠠᠨ ᠢ ᠪᠠᠷᠢᠭᠤᠯᠳᠠᠭ ᠪᠠᠶᠢᠭᠰᠠᠨ ᠨᠢ ᠠᠩ ᠠᠪᠠ ᠶᠢᠨ ᠠᠵᠢᠯ ᠭᠤᠣᠯ ᠲᠦᠯᠦᠪ ᠬᠠᠭᠠᠳ ᠨᠣᠶᠠᠳ ᠵᠡᠷᠭᠡ ᠶᠡᠬᠡᠰ ᠳᠡᠭᠡᠳᠦᠰ ᠤᠨ ᠵᠤᠭ᠎ᠠ ᠴᠡᠩᠭᠡᠯ ᠤᠨ ᠰᠢᠨᠵᠢ ᠴᠢᠨᠠᠷ ᠲᠠᠢ ᠪᠠᠶᠢᠵᠤ᠂ ᠡᠬᠡᠯ ᠵᠢᠷ ᠤᠨ ᠠᠷᠠᠳ ᠎ ᠤᠳ ᠠᠩ ᠠᠪᠠ ᠶᠢ ᠮᠠᠯ ᠠᠵᠤ ᠠᠬᠤᠢ ᠶᠢᠨ ᠢᠶᠠᠨ ᠵᠡᠷᠭᠡᠴᠡᠭᠡ ᠠᠮᠢᠳᠤᠷᠠᠯ ᠠᠬᠤᠢ ᠳᠠᠭᠠᠨ ᠨᠡᠮᠡᠷᠢ ᠰᠡᠯᠪᠢᠭ ᠲᠡᠳᠦᠢ ᠎ ᠪᠠᠷ ᠡᠷᠬᠢᠯᠡᠵᠤ ᠪᠠᠶᠢᠭᠰᠠᠨ ᠢ ᠬᠠᠷᠠᠭᠤᠯᠬᠤ ᠨᠢᠭᠡ ᠪᠠᠷᠢᠮᠲᠠ ᠶᠤᠮ᠃      ᠦᠷᠲᠡᠭᠡ ᠵᠠᠮ ᠤᠨ ᠳᠠᠭᠠᠤ ᠳᠤ ᠮᠣᠳᠣ ᠲᠠᠷᠢᠵᠣ ᠬᠠᠮᠠᠭᠠᠯᠠᠨ ᠣᠷᠭᠤᠭᠤᠯᠬᠤ ᠵᠢᠭᠠᠯᠲᠠ᠄      ᠬᠤᠪᠢᠯᠠᠢ ᠬᠠᠭᠠᠨ ᠤ ᠵᠠᠷᠯᠢᠭ᠄ ︽ᠶᠡᠭᠡ ᠬᠠᠭᠠᠨ ᠪᠠᠷ ᠡᠯᠴᠢ ᠵᠠᠷᠤᠯᠭ᠎ᠠ᠂ ᠬᠤᠳᠠᠯᠳᠤᠭᠠᠴᠢᠳ ᠬᠢᠭᠡᠳ ᠡᠩ ᠎ ᠤᠨ ᠠᠷᠠᠳ ᠤᠨ ᠦᠷᠭᠦᠯᠵᠢ ᠬᠥᠯᠬᠢᠳᠡᠭ ᠶᠡᠭᠡ ᠵᠠᠮ ᠤᠨ ᠳᠠᠭᠠᠤ ᠬᠤᠶᠠᠷ ᠬᠤᠶᠠᠷ ᠠᠯᠬᠤᠮ ᠤᠨ ᠵᠠᠶᠢᠲᠠᠢ ᠭᠠᠵᠠᠷ ᠮᠣᠳᠣ ᠲᠠᠷᠢᠬᠤ ᠶᠢ ᠁︾ ᠵᠢᠭᠠᠵᠡᠢ᠃ ᠡᠨᠡ ᠲᠤᠬᠠᠢ ᠮᠠᠷᠺᠦ ᠫᠤᠯᠤ᠋ ᠲᠡᠮᠳᠡᠭᠯᠡᠯ ᠳᠤ ᠪᠠᠨ ︽ᠮᠣᠩᠭᠤᠯᠴᠣᠳ ᠦᠷᠲᠡᠭᠡ ᠵᠠᠮ ᠤᠨ ᠬᠤᠶᠠᠷ ᠬᠠᠵᠠᠭᠤ ᠪᠠᠷ ᠮᠣᠳᠣ ᠲᠠᠷᠢᠭᠰᠠᠨ ᠨᠢ ᠨᠠᠷᠠ ᠰᠢᠷᠠᠬᠤ ᠦᠭᠡᠢ ᠰᠡᠭᠦᠳᠡᠷ ᠲᠠᠢ᠂ ᠡᠪᠦᠯ ᠴᠠᠰᠣ ᠣᠨᠠᠬᠤ ᠳᠤ ᠵᠠᠮ ᠠᠯᠳᠠᠵᠦ ᠲᠦᠭᠡᠷᠢᠬᠦ ᠦᠭᠡᠢ ᠰᠠᠶᠢᠨ ᠲᠠᠯ᠎ᠠ ᠲᠠᠢ᠃ ᠡᠨᠡ ᠮᠤᠳᠤᠳ ᠠᠯᠤᠰ ᠠᠴᠠ ᠶᠡᠭᠡ ᠰᠦᠷᠯᠢᠭ ᠬᠠᠷᠠᠭᠳᠠᠨ᠎ᠠ ᠁ ᠭᠤᠪᠢ ᠴᠦᠯ ᠤᠨ ᠵᠠᠮ ᠳᠠᠭᠠᠤ ᠴᠦ ᠮᠦᠨ ᠲᠡᠶᠢᠮᠦ ᠮᠣᠳᠣ ᠰᠠᠭᠤᠯᠭᠠᠭᠰᠠᠨ ᠨᠢ ᠬᠤᠳᠠᠯᠳᠤᠭᠠᠴᠢᠳ ᠬᠢᠭᠡᠳ ᠡᠯᠴᠢ ᠨᠠᠷ ᠲᠤ ᠲᠦᠢᠯ ᠤᠨ ᠲᠠᠭᠠᠲᠠᠢ᠃ ᠲᠡᠷᠡᠴᠢᠯᠡᠨ ᠪᠦᠬᠦ ᠬᠠᠭᠠᠨᠲᠤ ᠣᠯᠤᠰ ᠮᠣᠵᠢ ᠣᠯᠤᠰ ᠤᠨ ᠵᠠᠮ ᠤᠨ ᠳᠠᠭᠠᠤ ᠲᠡᠶᠢᠮᠦ ᠮᠣᠳᠣ ᠴᠦᠮ ᠪᠤᠢ ᠠᠵᠠᠢ︾ ᠭᠡᠵᠦ ᠪᠢᠴᠢᠭᠰᠡᠨ ᠪᠠᠶᠢᠨ᠎ᠠ᠃      ᠮᠦᠨ ᠦᠯᠵᠡᠶᠢᠲᠤ ᠬᠠᠭᠠᠨ ᠤ ᠦᠶ᠎ᠡ ᠳᠤ ᠭᠠᠷᠭᠠᠭᠰᠠᠨ ᠬᠠᠤᠯᠢ ᠴᠠᠭᠠᠵᠠ ᠶᠢᠨ ᠪᠢᠴᠢᠭ ᠲᠤ 1294 ᠣᠨ ᠎ ᠤ ᠣᠷᠴᠢᠮ ᠮᠣᠳᠣ ᠣᠭᠲᠣᠯᠬᠤ ᠶᠢ ᠬᠤᠷᠢᠭᠯᠠᠨ᠄ ︽᠁ ᠬᠠᠪᠤᠷ ᠪᠤᠯᠬᠤ ᠳᠤ ᠬᠠᠮᠤᠭ ᠤᠨ ᠣᠷᠢᠳ ᠮᠣᠳᠣ ᠲᠠᠷᠢᠵᠣ ᠰᠠᠭᠤᠯᠭᠠᠬᠤ ᠬᠡᠷᠡᠭᠲᠡᠢ᠃ ᠮᠤᠳᠤ ᠶᠢ ᠵᠦᠢ ᠪᠣᠰᠣ ᠪᠠᠷ ᠣᠭᠲᠤᠯᠵᠤ ᠦᠯᠦ ᠪᠤᠯᠤᠨ᠎ᠠ᠃ ᠵᠦᠷᠢᠴᠢᠭᠴᠢᠳ ᠢ ᠬᠠᠤᠯᠢ ᠶᠣᠰᠣ ᠪᠠᠷ ᠶᠠᠯᠠᠯᠠᠰᠣᠭᠠᠢ᠃ ᠣᠢ ᠮᠣᠳᠣ ᠶᠡᠭᠡ ᠪᠤᠯᠬᠤ ᠠᠪᠠᠰᠤ ᠠᠯᠪᠠ ᠪᠠ ᠠᠮᠢᠨ ᠤ ᠴᠦᠮ ᠠᠰᠢᠭᠲᠠᠢ ᠁︾ ᠭᠡᠵᠦ ᠵᠢᠭᠠᠭᠰᠠᠨ ᠪᠠᠶᠢᠨ᠎ᠠ᠃      ᠴᠠᠭ ᠠᠭᠠᠷ ᠤᠨ ᠪᠠᠶᠢᠳᠠᠯ ᠢ ᠵᠢᠷᠤᠬᠠᠢ ᠶᠢᠨ ᠠᠷᠭ᠎ᠠ ᠪᠠᠷ ᠣᠷᠢᠳᠴᠢᠯᠠᠨ ᠲᠦᠰᠦᠭᠡᠯᠡᠬᠦ ᠵᠢᠭᠠᠯᠲᠠ᠄      ᠶᠡᠭᠡ ᠶᠤᠧᠠᠨ ᠭᠦᠷᠦᠨ ᠤ ᠦᠶ᠎ᠡ ᠳᠤ ᠪᠠᠶᠢᠭᠠᠯᠢ ᠬᠠᠮᠠᠭᠠᠯᠠᠬᠤ ᠲᠠᠯ᠎ᠠ ᠪᠠᠷ ᠡᠷᠬᠡ ᠵᠦᠢ ᠶᠢᠨ ᠬᠡᠮ ᠬᠡᠮᠵᠢᠶᠡᠨ ᠤ ᠬᠦᠷᠢᠶᠡᠨ ᠳᠤ ᠬᠢᠵᠦ ᠪᠠᠶᠢᠭᠰᠠᠨ ᠠᠵᠢᠯ ᠤᠨ ᠨᠢᠭᠡᠨ ᠪᠠᠷᠢᠮᠲᠠ ᠶᠢ ᠡᠰᠢ ᠲᠠᠲᠠᠶ᠎ᠠ᠃ ᠪᠠᠶᠢᠭᠠᠯᠢ ᠣᠷᠴᠢᠨ ᠤ ᠲᠦᠯᠦᠪ ᠪᠠᠶᠢᠳᠠᠯ ᠢ ᠤᠷᠢᠳ ᠠᠴᠠ ᠲᠠᠨᠢᠨ ᠮᠡᠳᠡᠵᠦ ᠲᠡᠭᠦᠨ ᠲᠠᠢ ᠵᠤᠬᠢᠴᠠᠨ ᠠᠵᠤ ᠲᠦᠷᠦᠬᠦ ᠠᠷᠭ᠎ᠠ ᠣᠬᠠᠭᠠᠨ ᠢ ᠬᠤᠪᠢᠯᠠᠢ ᠬᠠᠭᠠᠨ ᠶᠡᠬᠡᠳᠠ ᠡᠷᠬᠢᠮᠯᠡᠨ ᠵᠢᠷᠤᠬᠠᠢ ᠶᠢᠨ ᠣᠬᠠᠭᠠᠨ ᠢ ᠡᠭᠦᠨ ᠳᠤ ᠢᠯᠡᠭᠦᠦ ᠬᠡᠷᠡᠭᠯᠡᠵᠦ ᠪᠠᠶᠢᠵᠠᠢ᠃      ᠶᠡᠭᠡ ᠬᠠᠭᠠᠨ 5000 ᠣᠷᠴᠢᠮ ᠵᠢᠷᠤᠬᠠᠶᠢᠴᠢ᠂ ᠲᠦᠯᠭᠡᠴᠢ ᠨᠠᠷ ᠲᠠᠢ ᠪᠠᠶᠢᠭᠰᠠᠨ ᠪᠦᠭᠡᠳ ᠲᠡᠳᠡ ᠣᠳᠤ ᠭᠠᠷᠠᠭ ᠲᠡᠭᠷᠢ ᠡᠷᠬᠡᠰ ᠤᠨ ᠣᠷᠴᠢᠯ ᠢ ᠰᠢᠨᠵᠢᠵᠦ ᠮᠡᠳᠡᠭᠡᠳ ᠴᠠᠭ ᠣᠯᠠᠷᠢᠯ ᠶᠠᠮᠠᠷ ᠪᠠᠶᠢᠬᠤ ᠵᠢᠯ ᠤᠨ ᠰᠠᠷ᠎ᠠ ᠪᠦᠷᠢ ᠎ ᠶᠢᠨ ᠣᠨᠴᠠᠯᠢᠭ ᠵᠡᠷᠭᠡ ᠶᠢ ᠰᠢᠨᠵᠢᠵᠦ ᠲᠤᠳᠤᠷᠬᠠᠶᠢᠯᠠᠳᠠᠭ ᠪᠠᠶᠢᠵᠠᠢ᠃ ᠲᠣᠬᠠᠶᠢᠯᠠᠪᠠᠯ᠄ ᠶᠠᠮᠠᠷ ᠰᠠᠷ᠎ᠠ ᠳᠤ ᠲᠡᠭᠷᠢ ᠡᠬᠢᠯᠡᠵᠦ ᠳᠤᠣᠭᠠᠷᠬᠤ᠂ ᠰᠠᠯᠬᠢ ᠰᠢᠭᠤᠷᠭ᠎ᠠ ᠪᠤᠯᠬᠤ᠂ ᠭᠠᠵᠠᠷ ᠬᠦᠳᠡᠯᠬᠦ᠂ ᠳᠣᠭᠰᠢᠨ ᠰᠢᠷᠦᠭᠦᠨ ᠪᠤᠷᠤᠭ᠎ᠠ ᠣᠷᠣᠬᠤ᠂ ᠡᠪᠡᠳᠴᠢᠨ ᠲᠠᠬᠤᠯ ᠭᠠᠷᠬᠤ᠂ ᠦᠬᠦᠯ ᠵᠤᠪᠠᠯᠠᠩ ᠳᠤᠬᠢᠶᠠᠯᠳᠤᠬᠤ ᠭᠡᠬᠦ ᠮᠡᠲᠤ ᠶᠢ ᠤᠷᠢᠳ ᠠᠴᠠ ᠬᠡᠯᠡᠳᠡᠭ ᠪᠠᠶᠢᠵᠠᠢ᠃ ᠲᠡᠳᠡᠨ ᠤ ᠰᠢᠨᠵᠢᠵᠦ ᠮᠡᠳᠡᠭᠰᠡᠨ ᠤ ᠬᠢᠷᠢ ᠪᠠᠷ ᠡᠨᠡ ᠰᠠᠷ᠎ᠠ ᠳᠤ ᠡᠶᠢᠮᠦ ᠲᠡᠶᠢᠮᠦ ᠶᠠᠭᠤᠮ᠎ᠠ ᠪᠤᠯᠤᠨ᠎ᠠ᠂ ᠬᠠᠷᠢᠨ ᠪᠤᠯᠬᠤ ᠬᠡᠷᠡᠭ ᠢ ᠪᠣᠷᠬᠠᠨ ᠲᠡᠭᠷᠢ ᠦᠪᠡᠷ ᠤᠨ ᠲᠠᠭᠠᠯᠠᠯ ᠢᠶᠠᠷ ᠶᠡᠭᠡ ᠪᠠᠭ᠎ᠠ ᠠᠯᠢ ᠨᠢᠭᠡᠨ ᠬᠡᠮᠵᠢᠶ᠎ᠠ ᠪᠠᠷ ᠦᠭᠡᠷᠡᠴᠢᠯᠡᠵᠦ ᠪᠤᠯᠤᠨ᠎ᠠ ᠭᠡᠮᠡᠨ ᠨᠡᠶᠢᠲᠡ ᠳᠤ ᠵᠠᠷᠯᠠᠨ ᠮᠡᠳᠡᠭᠡᠯᠡᠵᠤ ᠠᠷᠠᠳ ᠣᠯᠠᠨ ᠢ ᠰᠡᠷᠡᠮᠵᠢᠯᠡᠭᠦᠯᠦᠨ ᠪᠤᠯᠭᠤᠮᠵᠢᠯᠠᠭᠤᠯᠵᠤ ᠪᠠᠶᠢᠭᠠᠯᠢ ᠣᠷᠴᠢᠨ ᠲᠠᠢ ᠵᠤᠬᠢᠴᠠᠨ ᠠᠮᠢᠳᠣᠷᠠᠬᠤ ᠠᠷᠭ᠎ᠠ ᠠᠵᠢᠯᠯᠠᠭᠠᠨ ᠳᠤ ᠰᠣᠷᠭᠠᠵᠦ ᠪᠠᠶᠢᠭᠰᠠᠨ ᠪᠠᠶᠢᠨ᠎ᠠ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号