ᠲᠠᠷᠬᠠᠨ ᠠᠭᠤᠯᠠ ᠬᠡᠳᠡᠭ ᠨᠡᠷ᠎ᠡ ᠶᠢᠨ ᠢᠷᠡᠯᠳᠡ
ᠨᠡᠶᠢᠲᠡᠯᠡᠭᠰᠡᠨ ᠴᠠᠭ᠄
2020/12/28
     ᠲᠠᠷᠬᠠᠨ ᠬᠡᠳᠡᠭ ᠦᠭᠡ ᠶᠢᠨ ᠣᠳᠬ᠎ᠠ ᠪᠣᠯ ᠶᠠᠮᠠᠷ ᠨᠢᠬᠡᠨ ᠠᠭᠤᠯᠠ ᠣᠰᠣ᠂ ᠬᠦᠮᠦᠨ ᠠᠮᠢᠳᠠᠨ ᠢ ᠲᠠᠷᠬᠠᠨ ᠴᠣᠯᠠ ᠣᠯᠭᠤᠬᠤ ᠠᠭᠤᠯᠭ᠎ᠠ ᠪᠣᠢ᠂ ᠬᠦᠮᠦᠨ ᠳᠤ ᠲᠠᠷᠬᠠᠨ ᠴᠣᠯᠠ ᠣᠯᠭᠤᠬᠤ ᠳᠠᠭᠠᠨ ᠨᠣᠳᠤᠭ ᠣᠰᠣᠨ ᠤ ᠪᠠᠨ ᠪᠦᠬᠡ ᠪᠠᠷᠢᠯᠳᠤᠭᠠᠨ ᠪᠣᠶᠣ ᠪᠣᠰᠣᠳ ᠭᠠᠵᠠᠷ ᠪᠦᠬᠡ ᠪᠠᠷᠢᠯᠳᠣᠭᠠᠨ ᠳᠤ ᠨᠣᠳᠤᠭ ᠣᠰᠣᠨ ᠤ ᠪᠠᠨ ᠨᠡᠷ᠎ᠡ ᠠᠯᠳᠠᠷ ᠢ ᠮᠠᠨᠳᠣᠭᠤᠯᠵᠣ ᠶᠠᠪᠣᠭᠰᠠᠨ ᠠᠯᠳᠠᠷᠳᠣ ᠪᠦᠬᠡᠴᠢᠨ ᠦᠳᠡᠯᠦᠬᠡ ᠨᠠᠰᠤ ᠬᠦᠷᠴᠣ ᠴᠢᠳᠠᠯ ᠲᠡᠩᠬᠡᠬᠡ ᠪᠠᠨ ᠠᠯᠳᠠᠬᠤ ᠦᠶ᠎ᠡ ᠎ ᠳᠤ ᠠᠳᠠᠯᠢ ᠪᠣᠰᠣ ᠵᠠᠰᠠᠭ ᠵᠠᠬᠢᠷᠭ᠎ᠠ ᠠᠴᠠ ︿ᠲᠠᠷᠬᠠᠨ ᠴᠣᠯᠠ﹀ ᠣᠯᠭᠤᠵᠣ ᠦᠭᠳᠡᠭ᠃ ᠲᠠᠪᠣᠨ ᠬᠤᠰᠢᠭᠤ ᠮᠠᠯ ᠳᠤ ᠠᠪᠴᠣ ᠬᠡᠯᠡᠪᠡᠯ ᠠᠵᠢᠷᠭ᠎ᠠ᠂ ᠪᠣᠣᠷ᠎ᠠ᠂ ᠪᠣᠬ᠎ᠠ᠂ ᠬᠤᠴᠠ᠂ ᠤᠬᠤᠨ᠎ᠠ ᠮᠡᠳᠤ ᠶᠢᠨ ᠦᠷ᠎ᠡ ᠮᠠᠯ ᠨᠢ ᠬᠦᠭᠰᠢᠷᠡᠬᠦ ᠦᠶ᠎ᠡ ᠎ ᠳᠤ ᠲᠡᠬᠦᠨ ᠢ ᠠᠯᠠᠵᠣ ᠢᠳᠡᠳᠡᠭ ᠦᠬᠡᠢ᠂ ᠬᠤᠳᠠᠯᠳᠤᠵᠤ ᠬᠤᠪᠢᠯᠭᠠᠳᠠᠭ ᠦᠬᠡᠢ ᠲᠠᠷᠬᠠᠯᠵᠣ ᠣᠩᠭᠤᠯᠵᠣ ᠲᠠᠯᠪᠢᠳᠠᠭ ᠪᠢᠯᠡ᠃      ᠲᠡᠬᠡᠪᠡᠯ ᠶᠠᠮᠠᠷ ᠨᠢᠬᠡᠨ ᠣᠳᠬ᠎ᠠ ᠰᠠᠨᠠᠭ᠎ᠠ ᠠᠴᠠ ᠠᠭᠤᠯᠠ ᠬᠠᠶᠢᠷᠬᠠᠨ ᠳᠤ ᠲᠠᠷᠬᠠᠨ ᠴᠣᠯᠠ ᠣᠯᠭᠤᠳᠠᠭ ᠣᠯᠠᠮᠵᠢᠯᠠᠯᠳᠤ ᠵᠠᠩᠰᠢᠯ ᠡᠷᠳᠡᠨ ᠠᠴᠠ ᠪᠣᠢ ᠪᠣᠯᠵᠠᠢ᠃ ᠲᠠᠷᠬᠠᠨ ᠠᠭᠤᠯᠠ ᠪᠣᠯ ᠲᠠᠷᠣᠢ ᠲᠠᠷᠬᠠᠨ ᠴᠣᠯᠠ ᠣᠯᠣᠭᠰᠠᠨ ᠠᠭᠤᠯᠠ ᠪᠣᠯᠣᠨ᠎ᠠ᠃ ᠡᠨᠡᠬᠦ ᠠᠭᠤᠯᠠ ᠪᠣᠯ ᠡᠷᠳᠡ ᠦᠶ᠎ᠡ ᠳᠤ ᠣᠳᠣ ᠠᠴᠠ ᠬᠡᠳᠦᠨ ᠲᠠᠬᠢᠨ ᠭᠤᠶᠣ ᠦᠵᠡᠮᠵᠢᠲᠤ ᠠᠭᠤᠯᠠ ᠪᠠᠶᠢᠵᠤ᠂ ᠲᠠᠯᠣᠨᠠᠭᠤᠷ ᠤᠨ ᠡᠮᠦᠨ᠎ᠡ ᠬᠦᠪᠡᠬᠡᠨ ᠳᠤ ᠮᠠᠨᠳᠠᠷᠸ᠎ᠠ ᠴᠡᠴᠡᠭ ᠲᠡᠯᠬᠡᠷᠡᠭᠰᠡᠨ ᠮᠡᠳᠤ ᠦᠵᠡᠰᠭᠦᠯᠡᠩ ᠎ ᠲᠠᠢ ᠬᠠᠷᠠᠭᠳᠠᠳᠠᠭ ᠠᠭᠤᠯᠠ ᠪᠠᠶᠢᠭᠰᠠᠨ ᠠᠴᠠ ᠮᠠᠨᠳᠠᠷᠸ᠎ᠠ ᠠᠭᠤᠯᠠ ᠭᠡᠵᠤ ᠨᠡᠷᠡᠯᠵᠤ ᠪᠠᠶᠢᠯ᠎ᠠ ᠭᠡᠵᠤ ᠡᠷᠳᠡᠮᠳᠡᠨ ᠰᠣᠳᠣᠯᠣᠭᠰᠠᠨ ᠪᠠᠶᠢᠳᠠᠭ᠃ ᠲᠡᠭᠡᠪᠡᠯ ᠣᠣᠯ ᠤᠨ ᠨᠡᠷ᠎ᠡ ᠪᠠᠨ ᠬᠠᠯᠠᠵᠣ ᠲᠠᠷᠬᠠᠨ ᠠᠭᠤᠯᠠ ᠭᠡᠵᠣ ᠨᠡᠷᠯᠡᠭᠰᠡᠨ ᠨᠢ ︿ᠯᠣᠣ ᠮᠠᠨᠳᠣᠭᠰᠠᠨ ᠰᠦᠮ᠎ᠡ﹀᠎ ᠲᠠᠢ ᠰᠢᠭᠤᠳ ᠬᠤᠯᠪᠣᠭᠳᠠᠨ᠎ᠠ᠃      1270 ᠣᠨ ᠳᠤ ᠬᠤᠩᠬᠢᠷᠠᠳ ᠠᠶᠢᠮᠠᠭ ᠤᠨ ᠲᠦᠮᠡᠳᠤ ᠶᠢᠨ ᠨᠣᠶᠠᠨ ᠣᠯᠣᠴᠢᠨ᠂ ᠲᠡᠭᠦᠨ ᠤ ᠬᠠᠳᠣᠨ ᠨᠠᠩᠬᠢᠶᠠᠵᠢᠨ ᠬᠦᠩᠵᠣ ︵ᠬᠤᠪᠢᠯᠠᠢ ᠬᠠᠭᠠᠨ ᠤ ᠦᠬᠢᠨ︶ ᠶᠣᠸᠡᠨ ᠤᠯᠤᠰ ᠤᠨ ᠲᠡᠬᠡᠳᠣ ᠨᠡᠶᠢᠰᠯᠡᠯ ᠳᠤ ᠬᠦᠷᠴᠤ ᠡᠴᠢᠬᠡ ᠬᠠᠭᠠᠨ ᠬᠤᠪᠢᠯᠠᠢ ᠳᠤ ᠠᠶᠢᠯᠠᠳᠬᠠᠵᠣ᠂ ᠲᠠᠯᠣᠨᠠᠭᠤᠷ ᠤᠨ ᠠᠷᠣ ᠲᠡᠨᠵᠢᠨ ᠳᠤ ᠬᠤᠳᠠ ᠪᠠᠶᠢᠭᠤᠯᠬᠤ ᠶᠢ ᠭᠤᠶᠣᠴᠢᠯᠠᠭᠰᠠᠨ ᠳᠤ ᠬᠠᠭᠠᠨ ᠡᠵᠡᠨ ᠲᠡᠷᠡ ᠲᠠᠷᠣᠢ ᠳᠤᠨᠢ ᠵᠦᠪᠰᠢᠶᠡᠷᠡᠵᠤ ᠬᠠᠭᠠᠨ ᠤ ᠣᠷᠳᠣᠨ ᠠᠴᠠ ᠮᠦᠩᠬᠦ ᠭᠠᠷᠭᠠᠵᠣ ᠲᠡᠬᠡᠳᠣ ᠨᠡᠶᠢᠰᠯᠡᠯ ᠢ ᠪᠠᠶᠢᠭᠤᠯᠣᠭᠰᠠᠨ ᠪᠠᠷᠢᠯᠭᠠᠴᠢᠨ ᠢᠶᠠᠨ ᠶᠠᠪᠣᠭᠤᠯᠵᠣ ᠭᠤᠷᠪᠠᠨ ᠵᠢᠯ ᠢᠯᠡᠬᠦᠦ ᠶᠢᠨ ᠬᠤᠭᠤᠴᠠᠭᠠᠨ ᠳᠤ ᠪᠦᠳᠦᠬᠡᠵᠣ ᠪᠠᠶᠢᠭᠤᠯᠬᠤ ᠳᠠᠭᠠᠨ ᠸᠠᠩ ᠵᠢᠢ ᠰᠧ ᠰᠦᠮ᠎ᠠ᠂ ᠺᠦᠩᠽᠢ ᠶᠢᠨ ᠰᠦᠮ᠎ᠡ ᠶᠢ ᠴᠣ᠋ ᠪᠦᠳᠦᠬᠡᠨ ᠪᠠᠶᠢᠭᠤᠯᠣᠭᠰᠠᠨ ᠪᠢᠯᠡ᠃ ᠡᠨᠡᠬᠦ ᠰᠦᠮ᠎ᠡ ᠪᠠᠶᠢᠭᠤᠯᠣᠭᠰᠠᠨ ᠣᠯᠠ ᠮᠦᠷ ᠢᠶᠠᠷ ᠦᠵᠡᠪᠡᠯ ᠬᠠᠭᠠᠨ ᠤ ᠲᠠᠪᠣᠨᠠᠩ᠂ ᠲᠦᠷᠦᠭᠰᠡᠨ ᠦᠬᠢᠨ ᠨᠢ ᠡᠴᠢᠬᠡ ᠬᠠᠭᠠᠨ ᠳᠠᠭᠠᠨ ᠲᠣᠷᠠᠰᠬᠠᠯ ᠤᠨ ᠰᠦᠮ᠎ᠡ ᠪᠠᠶᠢᠭᠤᠯᠬᠤ ᠦᠨᠡᠨ ᠰᠡᠳᠬᠢᠮᠵᠢ ᠦᠷᠦᠰᠢᠶᠡ᠊ ᠠᠴᠢ ᠶᠢ ᠨᠢ ᠬᠠᠷᠢᠭᠤᠯᠬᠤ ᠪᠣᠯᠣᠯᠴᠠᠭ᠎ᠠ ᠪᠦᠷᠢᠨ ᠪᠠᠶᠢᠨ᠎ᠠ᠃ ᠡᠨᠡᠬᠦ ᠰᠦᠮ᠎ᠡ ᠨᠢ ᠲᠠᠷᠠᠬᠠᠠᠭᠤᠯᠠ ᠶᠢᠨ ᠵᠡᠭᠦᠨ ᠡᠮᠦᠨᠡᠬᠢ ᠪᠢᠶ᠎ᠡ ᠡᠩᠬᠡᠷ ᠤᠨ ᠡᠬᠦᠯᠡᠨ ᠠᠭᠤᠢ ᠶᠢᠨ ᠡᠮᠦᠨ᠎ᠡ ᠪᠠᠶᠢᠵᠡᠢ᠃ ᠣᠳᠣ ᠪᠣᠯᠳᠠᠯ᠎ᠠ ᠣᠷᠣ ᠨᠢ ᠪᠠᠶᠢᠭᠰᠠᠭᠠᠷ᠃ ᠬᠢᠳᠠᠳ ᠤᠨ ᠹᠧᠣᠳᠠᠯ ᠤᠨ ᠪᠠᠶᠢᠭᠤᠯᠣᠯ ᠤᠨ ᠦᠶ᠎ᠡ ᠶᠢᠨ ᠰᠣᠶᠣᠯ ᠰᠡᠳᠬᠢᠬᠦᠢ ᠳᠤ ᠯᠣᠣ ᠎ ᠶᠢ ᠬᠠᠭᠠᠨ ᠤ ᠪᠡᠯᠬᠡ ᠢᠶᠠᠷ ᠦᠵᠡᠳᠡᠭ᠃ ᠶᠠᠭ ᠡᠶᠢᠮᠣ ᠠᠴᠠ ︿ᠯᠣᠣ ᠮᠠᠨᠳᠣᠭᠰᠠᠨ ᠰᠦᠮ᠎ᠡ﹀᠎ ᠶᠢᠨ ᠯᠣᠣ ᠨᠢ ᠶᠠᠷᠢᠶᠠᠨ ᠦᠬᠡᠢ ᠬᠤᠪᠢᠯᠠᠢ ᠬᠠᠭᠠᠨ ᠤ ᠪᠡᠯᠬᠡᠳᠡᠯ ᠪᠣᠯᠬᠤ ᠠᠵᠠᠢ᠃      ᠬᠤᠪᠢᠯᠠᠢ ᠬᠠᠭᠠᠨ ᠪᠣᠯ 1215 ᠣᠨ ᠳᠤ ᠴᠢᠩᠬᠢᠰ ᠬᠠᠭᠠᠨ ᠤ ᠣᠳᠬᠤᠨ ᠬᠦᠪᠡᠬᠦᠨ ᠲᠣᠯᠣᠢ ︵ᠲᠣᠯᠢ︶ ᠎ ᠶᠢᠨ ᠬᠠᠳᠣᠨ ᠰᠤᠷᠠᠬᠠᠨᠳᠠᠨᠢ ᠶᠢᠨ ᠬᠤᠶᠠᠳᠣᠭᠠᠷ ᠬᠦᠪᠡᠬᠦᠨ ᠪᠣᠯᠵᠣ ᠲᠠᠯᠣᠨᠠᠭᠤᠷ ᠤᠨ ᠣᠶᠢᠷ᠎ᠠ ᠪᠠᠶᠢᠭ᠎ᠠ ᠴᠢᠩᠭᠢᠰ ᠬᠠᠭᠠᠨ ᠤ ᠵᠣᠰᠠᠯᠠᠩ ᠲᠡᠮᠡᠬᠡᠨ ᠬᠡᠬᠡᠷ᠎ᠡ ᠶᠢᠨ ᠨᠣᠳᠤᠭ ᠲᠤ ᠮᠡᠨᠳᠦᠯᠡᠭᠰᠡᠨ ᠲᠣᠯᠠ ᠲᠠᠪᠣᠨᠠᠩ᠂ ᠦᠬᠢᠨ ᠨᠢ ᠡᠴᠢᠬᠡ ᠬᠠᠭᠠᠨ ᠳᠠᠭᠠᠨ ᠲᠣᠷᠰᠬᠠᠯ ᠤᠨ ᠰᠦᠮ᠎ᠡ ᠪᠠᠶᠢᠭᠤᠯᠵᠣ ︿ᠯᠣᠣ ᠮᠠᠨᠳᠣᠭᠰᠠᠨ ᠰᠦᠮ᠎ᠡ﹀ ᠬᠡᠵᠣ ᠨᠡᠷᠯᠡᠭᠰᠡᠨ ᠨᠢ ᠲᠡᠣᠬᠡ ᠎ ᠶᠢᠨ ᠡᠰᠢ ᠪᠠᠷᠢᠮᠳᠠ ᠲᠠᠢ᠃ ᠬᠤᠪᠢᠯᠠᠢ ᠬᠠᠭᠠᠨ ᠤ ᠲᠣᠷᠠᠰᠬᠠᠯ ᠤᠨ ᠰᠦᠮ᠎ᠡ ᠡᠨᠡ ᠠᠭᠤᠯᠠ ᠶᠢᠨ ᠡᠩᠬᠡᠷ ᠲᠤ ᠪᠠᠶᠢᠭᠤᠯᠣᠭᠰᠠᠨ ᠪᠣᠯᠬᠤᠷ ᠲᠣᠰ ᠠᠭᠤᠯᠠᠨ ᠳᠤ ᠬᠡᠨ ᠴᠤ ᠬᠠᠯᠳᠠᠵᠣ ᠪᠣᠯᠬᠤ ᠦᠬᠡᠢ᠂ ᠨᠢᠬᠡ ᠮᠣᠳᠣ᠂ ᠨᠢᠬᠡ ᠬᠡᠰᠡᠭ ᠴᠢᠯᠠᠭᠤ ᠶᠢ ᠴᠦ ᠠᠪᠠᠴᠣ ᠪᠣᠯᠬᠤ ᠦᠬᠡᠢ ᠬᠡᠵᠣ ᠲᠠᠷᠬᠠᠯᠠᠵᠣ ᠲᠠᠯᠪᠢᠭᠰᠠᠨ ᠠᠴᠠ ︿ᠲᠠᠷᠠᠬᠠᠠᠭᠤᠯᠠ﹀ ᠬᠡᠳᠡᠭ ᠨᠡᠷ᠎ᠡ ᠪᠣᠢ ᠪᠣᠯᠵᠡᠢ᠃      ᠲᠠᠷᠬᠠᠨ ᠴᠣᠯᠠ ᠣᠯᠣᠭᠰᠠᠨ ᠪᠣᠳᠠᠳᠤ ᠣᠨ ᠵᠢᠯ ᠶᠢ ᠣᠨᠣᠪᠴᠢᠳᠠᠢ ᠭᠠᠷᠭᠠᠵᠣ ᠴᠢᠳᠠᠬᠤ ᠦᠬᠡᠢ ᠪᠣᠯᠪᠴᠣ ᠶᠢᠩ ᠴᠠᠩ ᠯᠣ᠋ ᠬᠤᠳᠠ ᠪᠠᠶᠢᠭᠤᠯᠣᠭᠰᠠᠨ ᠣᠨ ᠵᠢᠯ ᠢᠶᠠᠷ ᠪᠠᠷᠣᠭᠯᠠᠪᠠᠯ 1270——1295 ᠣᠨ ᠤ ᠬᠤᠭᠤᠷᠣᠨᠳᠤ ᠬᠡᠵᠣ ᠬᠡᠯᠡᠬᠦ ᠳᠤ ᠨᠡᠯᠢᠶᠡᠳ ᠣᠶᠢᠷᠠᠳᠣᠨ᠎ᠠ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号