ᠮᠤᠩᠭᠤᠯᠴᠤᠤᠡ ᠤᠨ ᠴᠠᠭ ᠵᠠᠢ ᠶᠢ ᠭᠡᠮᠵᠢᠭᠦ ᠠᠷᠭ᠎ᠠ ᠤᠬᠠᠭᠠᠠ
ᠨᠡᠶᠢᠲᠡᠯᠡᠭᠰᠡᠨ ᠴᠠᠭ᠄
2020/12/28
     ᠮᠤᠩᠭᠤᠯᠴᠤᠤᠡ ᠡᠷᠳᠡ ᠲᠡᠬᠡᠳᠤ ᠶᠢᠨ ᠥᠶ᠎ᠡ ᠠᠴᠠ ᠪᠠᠨ ᠴᠠᠭ᠂ ᠵᠠᠢ ᠶᠢ ᠬᠡᠮᠵᠢᠬᠦ ᠳᠡᠭᠡᠨ ᠦᠪᠡᠷ ᠤᠨ ᠢᠶᠠᠨ ᠭᠠᠷ᠂ ᠬᠦᠯ ᠪᠤᠶᠤ ᠪᠡᠶ᠎ᠡ ᠶᠢᠨ ᠮᠡᠳᠡᠷᠡᠮᠵᠢ ᠵᠢᠴᠢ ᠤᠶᠢᠯᠡᠤᠡᠪᠥᠷᠢᠯᠡᠯ᠂ ᠠᠮᠢᠳᠤᠷᠠᠯ ᠤᠨ ᠢᠶᠠᠨ ᠪᠤᠳᠠᠳᠡᠢ ᠲᠤᠬᠢᠶᠠᠯᠳᠤᠮᠵᠢ ᠪᠠᠷ ᠲᠦᠬᠦᠮ ᠬᠡᠮᠵᠢᠬᠦᠷ ᠪᠤᠯᠭᠠᠳᠠᠭ ᠪᠠᠶᠢᠵᠡᠢ᠂ ᠡᠳᠡᠬᠡᠷ ᠬᠡᠮᠵᠢᠯᠳᠡ ᠶᠢᠨ ᠲᠦᠬᠦᠮ ᠠᠷᠭ᠎ᠠ ᠨᠤᠭᠤᠳ ᠎ ᠨᠢ ᠤᠳᠤ ᠴᠤ ᠪᠤᠳᠠᠳᠡᠢ ᠠᠮᠢᠳᠤᠷᠠᠯ ᠳᠤ ᠬᠡᠷᠡᠭᠯᠡᠭᠳᠡᠭᠰᠡᠬᠡᠷ ᠪᠠᠶᠢᠭ᠎ᠠ ᠶᠤᠮ᠃ ᠤᠶᠢᠯᠡ ᠬᠦᠳᠡᠯᠦᠯ ᠤᠨ ᠬᠡᠮᠵᠢᠯᠳᠡ᠃ ᠬᠡᠳᠤᠬᠡᠨ ᠰᠧᠺᠥ᠋ᠨ᠋ᠲ ᠶᠢᠨ ᠤᠶᠢᠯᠡ ᠬᠦᠳᠡᠯᠦᠯ ᠢ ᠨᠢᠳᠤ ᠢᠷᠮᠡᠬᠦ ᠶᠢᠨ ᠵᠠᠭᠤᠷ᠎ᠠ᠂ ᠠᠮᠢᠰᠬᠤᠭ᠎ᠠ ᠠᠪᠬᠤ ᠶᠢᠨ ᠭᠱᠠᠨ ᠎ ᠳᠤ᠂ ᠦᠨᠳᠡᠶᠢᠬᠦ ᠵᠠᠭᠤᠷ᠎ᠠ ᠳᠤ ᠬᠡᠬᠦ ᠮᠡᠳᠥᠴᠢᠯᠡᠨ ᠬᠡᠮᠵᠢᠶᠡᠯᠳᠡᠭ᠃ ᠵᠢᠱᠢᠶᠠᠯᠡᠪᠡᠯ᠂ ᠲᠡᠷᠡ ᠬᠥᠮᠥᠨ ᠬᠠᠭᠠᠯᠠᠭ᠎ᠠ ᠶᠢ ᠦᠨᠳᠡᠶᠢᠬᠦ ᠶᠢᠨ ᠵᠠᠭᠤᠷ᠎ᠠ ᠳᠤ ᠲᠥᠷᠢᠬᠡᠤᠡ ᠤᠷᠤᠵᠤ ᠢᠷᠡᠯ᠎ᠡ ᠬᠡᠬᠦ ᠮᠡᠳᠤ᠃ 5 — 10 ᠮᠢᠨᠤᠲ ᠶᠢᠨ ᠴᠠᠭ ᠬᠤᠭᠤᠴᠠᠭᠠᠨ ᠤ ᠤᠶᠢᠯᠡ ᠬᠦᠳᠡᠯᠦᠯ ᠢ ᠲᠤᠭ ᠬᠡᠤᠡ ᠠᠪᠬᠤ ᠶᠢᠨ ᠵᠠᠭᠤᠷ᠎ᠠ᠂ ᠵᠡᠬᠦᠷᠮᠡᠭᠯᠡᠬᠡᠤᠡ ᠠᠪᠬᠤ ᠶᠢᠨ ᠬᠤᠭᠤᠷᠤᠨᠳᠤ ᠬᠡᠬᠦ ᠮᠡᠳᠤᠴᠢᠯᠡᠨ ᠬᠡᠮᠵᠢᠶᠡᠯᠳᠡᠭ᠃ ᠵᠢᠱᠢᠶᠠᠯᠡᠪᠡᠯ᠂ ᠬᠥᠷᠡᠨ ᠥᠨᠢᠶ᠎ᠡ ᠲᠤᠭ ᠬᠡᠤᠡ ᠠᠪᠬᠤ ᠶᠢᠨ ᠵᠠᠭᠤᠷ ᠲᠤᠭᠤᠯᠴᠢᠬᠠᠵᠡᠢ ᠬᠡᠬᠦ ᠮᠡᠳᠤ᠃ 20 — 30 ᠮᠢᠨᠦᠲ ᠶᠢᠨ ᠴᠠᠭ ᠬᠤᠭᠤᠴᠠᠭᠠᠨ ᠤ ᠤᠶᠢᠯᠡ ᠬᠦᠳᠡᠯᠦᠯ ᠢ ᠲᠠᠮᠠᠬᠢ ᠲᠠᠳᠠᠬᠤ ᠶᠢᠨ ᠵᠠᠭᠤᠷ᠎ᠠ᠂ ᠴᠠᠢ ᠴᠢᠨᠠᠬᠤ ᠶᠢᠨ ᠬᠢᠷᠢ ᠳᠤ ᠬᠡᠬᠦ ᠮᠡᠳᠤᠴᠢᠯᠡᠨ ᠬᠡᠮᠵᠢᠶᠡᠯᠳᠡᠭ᠃ ᠵᠢᠱᠢᠶᠡᠯᠡᠪᠡᠯ᠂ ᠤᠰᠤᠨ ᠎ ᠳᠤ ᠶᠠᠪᠤᠭᠰᠠᠨ ᠬᠥᠮᠥᠨ ᠲᠠᠮᠠᠬᠢ ᠲᠠᠳᠠᠬᠤ ᠶᠢᠨ ᠵᠠᠭᠤᠷ᠎ᠠ ᠬᠥᠷᠥᠬᠡᠤᠡ ᠢᠷᠡᠯ᠎ᠡ ᠬᠡᠬᠦ ᠮᠡᠳᠥ᠃ ᠨᠢᠬᠡ ᠴᠠᠭ ᠰᠢᠬᠠᠮ ᠎ ᠤᠨ ᠴᠠᠭ ᠬᠤᠭᠤᠴᠠᠭᠠᠨ ᠤ ᠤᠶᠢᠯᠡ ᠬᠦᠳᠡᠯᠦᠯ ᠢ ᠬᠡᠷ ᠪᠠᠷᠢᠬᠤ ᠶᠢᠨ ᠵᠠᠭᠤᠷ᠎ᠠ᠂ ᠬᠤᠨᠢ ᠵᠠᠷᠤᠬᠤ ᠵᠠᠭᠤᠷ᠎ᠠ ᠬᠡᠬᠦ ᠮᠡᠳᠥᠴᠢᠯᠡᠨ ᠬᠡᠮᠵᠢᠶᠡᠯᠳᠡᠭ᠃ ᠵᠢᠱᠢᠶᠡᠯᠪᠡᠯ᠂ ᠬᠤᠷᠰᠢᠶᠠᠨ ᠳᠤ ᠶᠠᠪᠤᠭᠰᠠᠨ ᠬᠥᠮᠥᠨ ᠬᠤᠨᠢ ᠵᠠᠷᠤᠬᠤ ᠵᠠᠭᠤᠷ᠎ᠠ ᠳᠤ ᠶᠠᠪᠤᠭᠠᠤᠡ ᠢᠷᠡᠴᠢᠬᠡᠯ᠎ᠡ ᠬᠡᠬᠦ ᠮᠡᠳᠤ᠃ ᠠᠶᠠᠨ ᠵᠠᠮ ᠤᠨ ᠬᠡᠮᠵᠢᠯᠳᠡ᠃ ᠨᠢᠬᠡ ᠠᠯᠬᠤᠮ ᠶᠢᠨ ᠵᠠᠢ — ᠪᠥᠳᠥᠬᠦᠨ ᠬᠥᠮᠥᠰ ᠤᠨ ᠡᠩ ᠤᠨ ᠨᠢᠬᠡ ᠠᠯᠬᠤᠮ ᠢ ᠬᠡᠯᠡᠳᠡᠭ᠂ ᠶᠡᠭᠡ ᠲᠦᠯᠦᠪ 60 ᠰᠡᠨᠲ᠋ᠢᠮᠧᠲᠷ ᠤᠷᠴᠢᠮ ᠤᠨ ᠬᠡᠮᠵᠢᠶ᠎ᠡ ᠪᠤᠯᠤᠨ᠎ᠠ᠃ ᠲᠤᠭᠤᠯ ᠤᠨ ᠪᠡᠯᠴᠢᠬᠡᠷ — ᠲᠤᠭᠤᠯ ᠤᠨ ᠪᠡᠯᠴᠢᠵᠤ ᠬᠥᠷᠳᠡᠭ ᠭᠠᠵᠠᠷ ᠤᠨ ᠬᠡᠮᠵᠢᠶ᠎ᠡ ᠶᠢ ᠬᠡᠯᠡᠳᠡᠭ᠂ ᠶᠡᠭᠡ ᠲᠦᠯᠦᠪ 3 — 4 ᠭᠠᠵᠠᠷ ᠤᠨ ᠬᠡᠮᠵᠢᠶ᠎ᠡ ᠤᠷᠴᠢᠮ᠃ ᠵᠢᠱᠢᠶᠡᠯᠡᠪᠡᠯ᠂ ᠲᠤᠭᠤᠯ ᠤᠨ ᠪᠡᠯᠴᠢᠬᠡᠷ ᠠᠴᠠ ᠪᠠᠨ ᠭᠠᠷᠤᠭ᠎ᠠ ᠥᠬᠡᠢ ᠬᠡᠬᠦ ᠮᠡᠳᠤ᠃ ᠬᠤᠨᠢᠨ ᠤ ᠪᠡᠯᠴᠢᠬᠡᠷ — ᠬᠤᠨᠢᠨ ᠰᠥᠷᠥᠭ ᠤᠨ ᠪᠡᠯᠴᠢᠵᠤ ᠬᠥᠷᠳᠡᠭ ᠭᠠᠵᠠᠷ ᠎ ᠤᠨ ᠬᠡᠮᠵᠢᠶ᠎ᠡ ᠶᠢ ᠬᠡᠯᠡᠳᠡᠭ᠂ ᠪᠠᠷᠤᠭ 8 — 10 ᠭᠠᠵᠠᠷ ᠤᠨ ᠤᠷᠴᠢᠮ᠃ ᠵᠢᠱᠢᠶᠡᠯᠡᠪᠡᠯ᠂ ᠡᠳᠤᠢ ᠶᠠᠪᠤᠴᠢᠬᠠᠭᠠᠤᠡ ᠬᠤᠨᠢᠨ ᠤ ᠪᠡᠯᠴᠢᠬᠡᠷ ᠠᠴᠠ ᠪᠠᠨ ᠭᠠᠷᠤᠭ᠎ᠠ ᠥᠬᠡᠢ ᠰᠢᠥ ᠬᠡᠬᠦ ᠮᠡᠳᠤ᠃ ᠠᠳᠤᠭᠤᠨ ᠤ ᠪᠡᠯᠴᠢᠬᠡᠷ — ᠠᠳᠤᠭᠤᠨ ᠎ ᠤ ᠪᠡᠯᠴᠢᠵᠤ ᠬᠥᠷᠳᠡᠭ ᠭᠠᠵᠠᠷ ᠤᠨ ᠬᠡᠮᠵᠢᠶ᠎ᠡ ᠶᠢ ᠬᠡᠯᠡᠳᠡᠭ᠂ ᠶᠡᠭᠡ ᠲᠦᠯᠦᠪ 10 — 20 ᠭᠠᠵᠠᠷ ᠤᠨ ᠤᠷᠴᠢᠮ᠃ ᠵᠢᠱᠢᠶᠠᠯᠡᠪᠡᠯ᠂ ᠰᠠᠶ᠋ᠢ ᠯᠠ ᠠᠳᠤᠭᠤᠨ ᠤ ᠪᠡᠯᠴᠢᠬᠡᠷ ᠠᠴᠠ ᠪᠠᠨ ᠭᠠᠷᠴᠤ ᠪᠠᠶᠢᠨ᠎ᠠ ᠬᠡᠬᠦ ᠮᠡᠳᠤ᠃ ᠬᠠᠭᠠᠰ ᠡᠳᠤᠷ ᠤᠨ ᠭᠠᠵᠠᠷ — ᠮᠤᠷᠢᠳᠡᠢ ᠬᠥᠮᠥᠨ ᠡᠩ ᠤᠨ ᠶᠠᠪᠤᠭ᠎ᠠ ᠪᠠᠷ ᠬᠠᠭᠠᠰ ᠡᠳᠤᠷ ᠠᠶᠠᠯᠠᠬᠤ ᠭᠠᠵᠠᠷ ᠢ ᠬᠡᠯᠡᠳᠡᠭ᠂ ᠶᠡᠭᠡ ᠲᠦᠯᠦᠪ 80 — 90 ᠭᠠᠵᠠᠷ ᠤᠨ ᠤᠷᠴᠢᠮ᠃ ᠵᠢᠱᠢᠶᠡᠯᠡᠪᠡᠯ᠂ ᠪᠤᠷᠤ ᠲᠤᠯᠤᠭᠠᠢ ᠬᠥᠷᠳᠡᠯ᠎ᠡ ᠬᠠᠭᠠᠰ ᠡᠳᠤᠷ ᠤᠨ ᠵᠠᠮ ᠬᠦᠬᠡᠬᠡᠨ᠎ᠡ ᠬᠡᠬᠦ ᠮᠡᠳᠤ᠃ ᠬᠤᠨᠤᠭ ᠤᠨ ᠭᠠᠵᠠᠷ — ᠮᠤᠷᠢᠳᠡᠢ ᠬᠥᠮᠥᠨ ᠤ ᠡᠩ ᠤᠨ ᠶᠠᠪᠤᠭ᠎ᠠ ᠪᠠᠷ ᠡᠳᠥᠷᠵᠢᠨ ᠠᠶᠠᠯᠠᠬᠤ ᠭᠠᠵᠠᠷ ᠢ ᠬᠡᠯᠡᠳᠡᠭ᠂ ᠪᠠᠷᠤᠭᠴᠠᠪᠠᠯ 150 — 180 ᠭᠠᠵᠠᠷ ᠤᠨ ᠤᠷᠴᠢᠮ᠃ ᠵᠢᠱᠢᠶᠡᠯᠡᠪᠡᠯ᠂ ᠬᠤᠷᠴᠢᠨ ᠤᠪᠤᠭ᠎ᠠ ᠬᠥᠷᠳᠡᠯ᠎ᠡ ᠬᠤᠨᠤᠭ ᠤᠨ ᠭᠠᠵᠠᠷ ᠪᠤᠢ ᠬᠡᠬᠦ ᠮᠡᠳᠤ᠃ ᠦᠨᠵᠢᠬᠦᠳᠡ ᠶᠢᠨ ᠭᠠᠵᠠᠷ — ᠮᠤᠷᠢᠳᠡᠢ ᠬᠥᠮᠥᠨ ᠤ ᠡᠩ ᠤᠨ ᠶᠠᠪᠤᠭ᠎ᠠ ᠪᠠᠷ ᠬᠤᠶᠠᠷ ᠡᠳᠥᠷ ᠤᠨ ᠠᠶᠠᠯᠠᠬᠤ ᠭᠠᠵᠠᠷ ᠢ ᠬᠡᠯᠡᠳᠡᠭ᠃ ᠶᠡᠭᠡ ᠲᠦᠯᠦᠪ 240 — 380 ᠭᠠᠵᠠᠷ ᠤᠷᠴᠢᠮ᠃ ᠴᠢᠨᠠᠭᠰᠢ ᠪᠠᠨ ᠬᠡᠳᠤ ᠬᠡᠳᠤᠨ ᠬᠤᠨᠤᠭ ᠤᠨ ᠭᠠᠵᠠᠷ ᠬᠡᠵᠤ ᠶᠠᠷᠢᠳᠠᠭ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号