ᠮᠤᠩᠭᠤᠯᠴᠤᠳ ᠤᠨ ᠮᠤᠷᠢᠨ ᠤ ᠡᠳ᠋ᠯᠡᠯ ᠬᠡᠷᠡᠭᠰᠡᠯ
ᠨᠡᠶᠢᠲᠡᠯᠡᠭᠰᠡᠨ ᠴᠠᠭ᠄
2020/12/9
     ︵ᠤᠷᠴᠢᠨ ᠴᠠᠭ ᠪᠠ ᠤᠳᠤ ᠦᠶ᠎ᠡ ᠶᠢᠨ ᠮᠤᠷᠢᠨ ᠤ ᠡᠳ᠋ᠯᠡᠯ︶      ᠴᠢᠳᠦᠷ᠄ ᠴᠢᠳᠦᠷ ᠢ ᠬᠢᠯᠭᠠᠰᠤ ᠪᠤᠶᠤ ᠰᠤᠷ ᠢᠶᠠᠷ ᠦᠢᠯᠡᠳᠳᠡᠭ᠃ ᠲᠤᠱᠠ᠂ ᠪᠤᠰᠤᠭ᠎ᠠ ᠴᠢᠳᠦᠷ᠂ ᠴᠢᠳᠦᠷ ᠵᠡᠷᠭᠡ ᠭᠤᠷᠪᠠᠨ ᠵᠦᠢᠯ ᠪᠤᠢ᠃ ᠡᠬᠦᠨ ᠳᠤ ᠬᠢᠯᠭᠠᠰᠤ ᠪᠤᠶᠤ ᠰᠤᠷ ᠢᠶᠠᠷ ᠬᠢᠭᠰᠡᠨ ᠴᠢᠳᠦᠷ ᠢ ᠪᠠᠶᠢᠩᠭᠤ ᠬᠡᠷᠡᠭᠯᠡᠳᠡᠭ᠃      ᠲᠠᠰᠢᠭᠤᠷ᠄ ᠲᠠᠰᠢᠭᠤᠷ ᠢᠶᠠᠨ ᠦᠬᠡᠷ ᠤᠨ ᠵᠤᠵᠠᠭᠠᠨ ᠰᠢᠷᠢ ᠪᠠᠷ ᠰᠦᠯᠵᠢᠨ ᠬᠦᠷᠦᠬᠦ ᠪᠤᠶᠤ ᠰᠤᠷ ᠢᠶᠠᠨ ᠴᠤᠯᠪᠤᠭᠤᠷ ᠰᠢᠭ᠋ ᠨᠡᠶᠢᠯᠡᠭᠦᠯᠦᠨ ᠬᠠᠪᠰᠤᠷᠴᠤ᠂ ᠰᠡᠭᠡᠯᠳᠦᠷᠭᠡ ᠠᠴᠠ ᠬᠤᠯᠪᠤᠳᠠᠭ᠃ ᠶᠡᠷᠦᠨᠢ ᠮᠢᠯᠠ ᠰᠠᠴᠤᠭ᠂ ᠭᠠᠦᠯᠢᠨ ᠴᠠᠭᠠᠷᠢᠭ᠂ ᠡᠰᠢ ᠲᠧᠩᠰᠡ ᠵᠡᠷᠭᠡ ᠭᠤᠷᠪᠠᠨ ᠬᠡᠰᠡᠭ ᠠᠴᠠ ᠪᠦᠷᠢᠯᠳᠤᠵᠦ᠂ ᠤᠷᠳᠤ ᠨᠢ 2 ᠲᠤᠬᠤᠢ ᠰᠢᠬᠠᠮ ᠪᠠᠶᠢᠳᠠᠭ᠃      ᠤᠷᠭ᠎ᠠ᠄ ᠤᠷᠭ᠎ᠠ ᠶᠢᠨ ᠡᠰᠢ ᠶᠢ 5~7 ᠮᠧᠲᠷ ᠤᠷᠲᠤ ᠬᠤᠰᠤ ᠮᠤᠳᠤ ᠪᠠᠷ ᠬᠢᠵᠤ᠂ ᠦᠵᠦᠬᠦᠷ ᠢ ᠨᠢ ᠰᠤᠷ ᠢᠶᠠᠷ ᠪᠤᠭᠤᠵᠤ᠂ ᠡᠰᠢ ᠶᠢᠨ ᠭᠤᠷᠪᠠᠨ ᠤ ᠨᠢᠭᠡ ᠬᠤᠪᠢ ᠶᠢᠨ ᠬᠡᠰᠡᠭ ᠲᠤ ᠤᠷᠭ᠎ᠠ ᠪᠠᠨ ᠲᠠᠭᠠᠷᠠᠭᠤᠯᠵᠤ᠂ ᠬᠤᠶᠢᠪᠢ ᠲᠠᠭᠠᠷᠠᠭᠤᠯᠳᠠᠭ᠃      ᠰᠠᠮ᠄ ᠮᠤᠷᠢᠨ ᠤ ᠳᠡᠯ ᠰᠡᠬᠦᠯ᠂ ᠦᠰᠦ ᠨᠤᠯᠤᠤᠷ ᠢ ᠰᠠᠮᠨᠠᠬᠤ ᠳᠤ ᠬᠡᠷᠡᠭᠯᠡᠳᠡᠭ᠃ ᠤᠷᠳᠤ ᠨᠢ ᠨᠢᠭᠡ ᠲᠤᠬᠤᠢ ᠭᠠᠷᠤᠢ᠂ ᠪᠠᠷᠢᠭᠤᠯ ᠤᠨ ᠬᠡᠰᠡᠭ ᠲᠤ ᠵᠦᠢᠯ ᠵᠢᠰᠦᠮ ᠤᠨ ᠠᠷᠢᠶᠠᠳᠠᠨ ᠠᠮᠢᠲᠠᠨ ᠤ ᠬᠡ ᠤᠭᠠᠯᠵᠠ ᠪᠤᠶᠤ ᠪᠤᠰᠤᠳ ᠤᠯᠠᠮᠵᠢᠯᠠᠯᠳᠤ ᠬᠡ ᠤᠭᠠᠯᠵᠠ ᠶᠢᠨ ᠰᠠᠶᠢᠯᠪᠤᠷᠢ ᠲᠠᠢ᠃      ᠨᠤᠭᠲᠤ᠄ ᠨᠤᠭᠲᠤ ᠨᠢ ᠵᠠᠯᠠᠭ᠎ᠠ᠂ ᠮᠤᠯᠴᠤᠭ᠂ ᠰᠠᠭᠠᠯᠳᠤᠷᠭ᠎ᠠ᠂ ᠵᠢᠯᠤᠭᠤ᠂ ᠴᠤᠯᠪᠤᠭᠤᠷ᠂ ᠠᠮᠠᠭᠠᠢ᠂ ᠬᠠᠵᠠᠭᠠᠷ ᠵᠡᠷᠭᠡ ᠪᠠᠷ ᠪᠦᠷᠢᠯᠳᠤᠳᠡᠭ᠃ ᠵᠠᠯᠠᠭ᠎ᠠ ᠨᠢ ᠮᠤᠷᠢᠨ ᠤ ᠵᠤᠯᠠᠢ ᠶᠢᠨ ᠬᠡᠰᠡᠭ ᠢ ᠴᠢᠮᠡᠭᠯᠡᠵᠦ᠂ ᠰᠠᠭᠠᠯᠳᠤᠷᠭ᠎ᠠ ᠨᠢ ᠨᠤᠭᠲᠤ ᠪᠠᠨ ᠳᠠᠲᠠᠨ ᠤᠶᠠᠵᠤ᠂ ᠵᠢᠯᠤᠭᠤ ᠴᠤᠯᠪᠤᠭᠤᠷ ᠢ ᠠᠮᠠᠭᠠᠢ ᠬᠠᠵᠠᠭᠠᠷ ᠠᠴᠠ ᠨᠢ ᠲᠠᠳᠠᠳᠠᠭ᠃      ᠬᠠᠵᠠᠭᠠᠷ᠄  ᠬᠠᠵᠠᠭᠠᠷ ᠪᠤᠯ ᠮᠤᠷᠢᠨ ᠤ ᠠᠮᠠᠨ ᠳᠤ ᠵᠠᠭᠤᠯᠭᠠᠳᠠᠭ ᠲᠠᠮᠦᠷ ᠭᠠᠷᠠᠬ᠎ᠠ ᠮᠦᠨ᠃ ᠬᠠᠵᠠᠭᠠᠷ ᠤᠨ ᠴᠤᠯᠪᠤᠭᠤᠷ ᠢᠶᠠᠷ ᠬᠦᠯᠦᠭ ᠢᠶᠠᠨ ᠤᠶᠠᠬᠤ ᠪᠤᠶᠤ ᠬᠦᠲᠦᠯᠵᠤ᠂ ᠵᠢᠯᠤᠭᠤ ᠪᠠᠷ ᠮᠤᠷᠢ ᠪᠠᠨ ᠡᠷᠬᠢᠬᠦᠯᠳᠡᠭ᠃      ᠡᠮᠡᠭᠡᠯ᠄ ᠪᠦᠬᠦᠷᠭᠡ᠂ ᠲᠤᠬᠤᠮ᠂ ᠲᠦᠷᠦᠭᠡ᠂ ᠬᠦᠯᠢᠮ᠂ ᠤᠯᠤᠩ᠂ ᠭᠠᠨᠵᠤᠭ᠎ᠠ᠂ ᠤᠭᠴᠤᠷᠭ᠎ᠠ᠂ ᠲᠤᠪᠤᠷᠤᠤ᠂ ᠳᠠᠷᠤᠯᠭ᠎ᠠ ᠵᠡᠷᠭᠡ ᠪᠠᠷ ᠪᠦᠷᠢᠯᠳᠤᠵᠠᠢ᠃
 
ᠢᠷᠡᠯᠲᠡ᠄ ᠮᠤᠩᠭᠤᠯ ᠰᠤᠳᠤᠯᠤᠯ ᠤᠨ ᠨᠡᠪᠳᠡᠷᠭᠡᠢ ᠲᠤᠯᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号