ᠮᠤᠷᠢᠨ ᠳᠤ ᠬᠤᠯᠪᠤᠭᠳᠠᠭᠰᠠᠨ ᠴᠡᠭᠡᠷ ᠶᠤᠰᠤᠨ
ᠨᠡᠶᠢᠲᠡᠯᠡᠭᠰᠡᠨ ᠴᠠᠭ᠄
2020/2/14
   ᠮᠤᠷᠢᠨ ᠤ ᠳᠤᠯᠤᠭᠠᠢ ᠶᠢ ᠨᠢ ᠴᠤᠬᠢᠵᠦ ᠳᠠᠰᠢᠭᠤᠷᠳᠠᠬᠤ ᠶᠢ ᠴᠡᠭᠡᠷᠯᠡᠨ᠎ᠠ᠃    ᠮᠤᠷᠢᠨ ᠤ ᠬᠠ ᠳᠡᠭᠡᠷ᠎ᠠ ᠳᠠᠮᠠᠭ᠎ᠠ ᠳᠠᠷᠤᠬᠤ ᠶᠢ ᠴᠡᠭᠡᠷᠯᠡᠨ᠎ᠠ᠃    ᠮᠤᠷᠢ ᠶᠢ ᠪᠤᠷᠤᠭᠤ ᠬᠠᠷᠠᠵᠦ ᠤᠨᠤᠬᠤ ᠶᠢ ᠴᠡᠭᠡᠷᠯᠡᠨ᠎ᠠ᠃    ᠮᠤᠷᠢ ᠶᠢ ᠪᠤᠷᠤᠭᠤᠳᠠᠢ ᠳᠠᠯ᠎ᠠ ᠠᠴᠠ ᠨᠢ ᠤᠨᠤᠬᠤ ᠶᠢ ᠴᠡᠭᠡᠷᠯᠡᠨ᠎ᠠ᠃    ᠮᠤᠷᠢ ᠶᠢ ᠬᠦᠵᠦᠬᠦᠪᠴᠢᠯᠡᠨ ᠬᠦᠳᠦᠯᠬᠦ ᠶᠢ ᠴᠡᠭᠡᠷᠯᠡᠨ᠎ᠠ᠃    ᠮᠤᠷᠢ ᠤᠨᠤᠭ᠎ᠠ ᠶᠢ ᠭᠡᠷ ᠬᠦᠷᠢᠶᠡᠨ ᠤ ᠡᠬᠦᠳᠡᠨ ᠠᠴᠠ ᠤᠶᠠᠬᠤ ᠶᠢ ᠴᠡᠭᠡᠷᠯᠡᠨ᠎ᠠ᠃    ᠮᠤᠷᠢ ᠤᠨᠤᠭ᠎ᠠ ᠶᠢ ᠤᠶᠠᠬᠤ ᠳᠠᠭᠠᠨ ᠵᠠᠩᠬᠢᠳᠴᠤ ᠤᠶᠠᠬᠤ ᠶᠢ ᠴᠡᠭᠡᠷᠯᠡᠨ᠎ᠠ᠃    ᠮᠤᠷᠢ ᠤᠨᠤᠭ᠎ᠠ ᠶᠢ ᠴᠠᠳᠬᠤᠯᠠᠩ ᠦᠶ᠎ᠠ ᠳᠤᠨᠢ ᠳᠠᠪᠬᠢᠭᠤᠯᠵᠦ ᠬᠦᠶᠦᠯᠭᠡᠬᠦ ᠶᠢ ᠴᠡᠭᠡᠷᠯᠡᠨ᠎ᠠ᠃    ᠮᠤᠷᠢ ᠶᠢ ᠳᠡᠪᠬᠢᠭᠤᠯᠵᠦ ᠢᠷᠡᠭᠡᠳ ᠬᠡᠨᠡᠳᠳᠡ ᠵᠤᠭᠰᠤᠭᠠᠬᠤ ᠶᠢ ᠴᠡᠭᠡᠷᠯᠡᠨ᠎ᠠ᠃    ᠮᠤᠷᠢ ᠤᠨᠤᠬᠤ ᠳᠠᠭᠠᠨ ᠰᠢᠷᠦᠬᠦᠨ ᠮᠤᠷᠳᠠᠬᠤ ᠶᠢ ᠴᠡᠭᠡᠷᠯᠡᠨ᠎ᠠ᠃    ᠮᠤᠷᠢ ᠶᠢ ᠬᠦᠯᠦᠰᠦ ᠲᠠᠢ ᠦᠶ᠎ᠠ ᠳᠤ ᠡᠮᠡᠭᠡᠯ ᠳᠤᠬᠤᠮ ᠢ ᠨᠢ ᠠᠪᠬᠤ ᠪᠤᠶᠤ ᠤᠰᠤᠯᠠᠬᠤ ᠶᠢ ᠴᠡᠭᠡᠷᠯᠡᠨ᠎ᠠ᠃    ᠮᠤᠷᠢ ᠤᠨᠤᠭ᠎ᠠ ᠶᠢ ᠬᠦᠳᠦᠯᠬᠦ ᠳᠡᠭᠡᠨ ᠴᠤᠯᠪᠤᠭᠤᠷ ᠵᠢᠯᠤᠭᠤ ᠪᠠᠨ ᠮᠦᠷᠦᠨ ᠳᠡᠭᠡᠷ᠎ᠠ ᠪᠠᠨ ᠳᠠᠯᠪᠢᠵᠦ ᠶᠠᠪᠤᠬᠤ ᠶᠢ ᠴᠡᠭᠡᠷᠯᠡᠨ᠎ᠠ᠃    ᠮᠤᠩᠭᠤᠯ ᠤᠨ ᠡᠳᠡᠭᠡᠷ ᠴᠡᠭᠡᠷ ᠶᠤᠰᠤ ᠨᠢ ᠭᠤᠤᠯᠳᠠᠭᠤ ᠮᠤᠷᠢ ᠤᠨᠤᠭᠠᠨ ᠤ ᠬᠡᠮ ᠠᠷᠬᠠᠭ ᠳᠤᠭᠳᠠᠬᠤ ᠶᠢ ᠬᠢᠴᠢᠶᠡᠭᠰᠡᠨ ᠰᠠᠨᠠᠭ᠎ᠠ ᠠᠬᠤᠢ ᠪᠤᠯᠤᠯᠳᠠᠢ᠃    ᠮᠤᠩᠭᠤᠯ ᠬᠦᠮᠦᠨ ᠪᠤᠯ ᠮᠤᠷᠢᠳᠠᠨ ᠦᠨᠳᠦᠰᠦᠳᠡᠨ ᠪᠤᠯᠬᠤᠷ ᠮᠤᠷᠢ ᠶᠢ ᠶᠡᠷᠦᠨᠢ ᠳᠡᠭᠷᠢ ᠶᠢᠨ ᠤᠨᠠᠭ᠎ᠠ ᠬᠡᠮᠡᠨ ᠰᠢᠳᠦᠨ ᠬᠠᠶᠢᠷᠠᠯᠠᠳᠠᠭ ᠶᠤᠮ ᠪᠠᠶᠢᠵᠠᠢ᠃
 
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号