ᠮᠤᠩᠭᠤᠯᠴᠤᠳ ︽ᠱᠠᠭᠠᠵᠠᠭᠠᠢ ᠱᠠᠬᠰᠢᠪᠠᠯ ᠰᠠᠶᠢᠨ ᠴᠢᠮᠡᠭᠡ ᠰᠤᠨᠤᠰᠤᠨ᠎ᠠ︕︾ ᠬᠡᠵᠦ᠂ ᠮᠤᠷᠢᠨ ᠪᠤᠯᠠᠭᠠᠨ | ᠲᠡᠬᠡᠷ᠎ᠠ ᠱᠠᠭᠠᠵᠠᠭᠠᠢ ᠰᠠᠭᠤᠵᠤ ᠱᠠᠬᠰᠢᠬᠤ ᠪᠤᠶᠤ ᠦᠳᠡ ᠶᠢᠨ ᠦᠶ᠎ᠡ ᠳᠤ ᠱᠠᠬᠰᠢᠪᠠᠯ ︽ᠠᠯᠤᠰ ᠠᠴᠠ ᠵᠤᠴᠢᠨ | ᠢᠷᠡᠨ᠎ᠡ︕︾ ᠬᠡᠳᠡᠭ᠃ ᠱᠠᠭᠠᠵᠠᠭᠠᠢ ᠶᠢᠨ ᠰᠡᠬᠦᠯ ᠬᠠᠮᠢᠭᠠᠰᠢ ᠪᠠᠨ ᠬᠠᠨᠳᠤᠵᠤ ᠪᠠᠶᠢᠪᠠᠯ ᠲᠡᠷᠡ ᠵᠦᠭ ᠠᠴᠠ ᠵᠤᠴᠢᠨ | ᠢᠷᠡᠨ᠎ᠡ᠂ ᠱᠠᠭᠠᠵᠠᠭᠠᠢ ᠶᠢᠨ ᠲᠤᠯᠤᠭᠠᠢ ᠬᠡᠷ ᠵᠦᠭ ᠬᠠᠨᠳᠤᠵᠤ ᠪᠠᠶᠢᠬᠤ ᠶᠢ ᠭᠠᠳᠠᠬᠰᠢ ᠶᠠᠪᠤᠬᠰᠠᠨ ᠬᠦᠮᠦᠨ ᠬᠠᠷᠢᠵᠦ | ᠢᠷᠡᠬᠦ ᠶᠢᠨ ᠪᠡᠯᠬᠡᠳᠡᠯ ᠬᠡᠳᠡᠭ᠃ ᠤᠶᠢᠢᠷᠠᠳᠴᠤᠳ ᠨᠠᠷᠠ ᠭᠠᠷᠬᠤ ᠶᠢᠨ ᠡᠮᠦᠨ᠎ᠡ ᠱᠠᠭᠠᠵᠠᠭᠠᠢ ᠱᠠᠬᠰᠢᠪᠠᠯ ︽ᠤᠯᠠᠭ᠎ᠠ | ᠭᠠᠷᠤᠨ᠎ᠠ︕︾᠂ ᠦᠳᠡ ᠶᠢᠨ ᠦᠶ᠎ᠡ ᠳᠤ ᠱᠠᠬᠰᠢᠪᠠᠯ ︽ᠬᠡᠶᠢᠴᠢᠨ ᠢᠷᠡᠨ᠎ᠡ︕ ᠰᠦᠨᠢ ᠱᠠᠬᠰᠢᠪᠠᠯ ︽ᠡᠪᠡᠳᠴᠢᠨ | ᠵᠤᠪᠠᠯᠠᠩ ᠤᠷᠢᠶᠠᠨ᠎ᠠ︕︾ ᠬᠡᠳᠡᠭ᠃ ᠲᠡᠷᠡ ᠮᠦᠷᠳᠡᠬᠡᠨ ᠪᠠᠶᠢᠭᠠᠯᠢ ᠴᠠᠭ ᠠᠭᠤᠷ ᠲᠠᠢ ᠬᠤᠯᠪᠤᠬᠳᠠᠭᠤᠯᠤᠨ | ᠱᠠᠭᠠᠵᠠᠭᠠᠢ ᠶᠢᠨ ᠦᠢᠯᠡ ᠬᠦᠳᠡᠯᠬᠡᠬᠡᠨ ᠢ ᠨᠠᠷᠢᠨ ᠠᠵᠢᠬᠯᠠᠨ ᠰᠢᠨᠵᠢᠯᠡᠭᠰᠡᠨ ᠪᠠᠶᠢᠳᠠᠭ᠃ ᠲᠤᠬᠠᠶᠢᠢᠯᠠᠪᠠᠯ ︽ᠵᠤᠨ ᠤ | ᠤᠯᠠᠷᠢᠯ ᠳᠤ ᠱᠠᠭᠠᠵᠠᠭᠠᠢ ᠤᠯᠠᠨ ᠱᠠᠬᠰᠢᠪᠠᠯ ᠬᠤᠷ᠎ᠠ ᠪᠤᠷᠤᠭᠠᠨ ᠡᠯᠪᠡᠭᠰᠢᠨ᠎ᠡ᠃ ᠡᠪᠤᠯ ᠡᠬᠦᠷ ᠵᠦᠭ ᠢᠶᠠᠨ ᠴᠦᠪᠦᠳᠡᠯ | ᠤᠯᠠᠨ ᠵᠦᠬᠡᠬᠡᠪᠡᠯ ᠲᠡᠭᠷᠢ ᠬᠦᠢᠳᠡᠷᠡᠨ᠎ᠡ᠂ ᠬᠠᠪᠤᠷ ᠡᠬᠦᠷ ᠢᠶᠠᠨ ᠲᠡᠬᠡᠭᠰᠢ ᠬᠠᠨᠳᠤᠭᠤᠯᠵᠤ ᠪᠠᠷᠢᠵᠦ ᠪᠠᠶᠢᠪᠠᠯ ᠭᠠᠩ ᠵᠢᠯ | ᠪᠤᠯᠤᠨ᠎ᠠ᠂ ᠬᠠᠵᠠᠭᠤ ᠲᠡᠰᠢ ᠪᠠᠨ ᠬᠠᠨᠳᠤᠭᠤᠯᠤᠨ ᠪᠠᠷᠢᠵᠤ ᠪᠠᠶᠢᠪᠠᠯ ᠪᠤᠷᠤᠭᠠᠨ ᠡᠯᠪᠡᠭ ᠵᠢᠯ ᠪᠤᠯᠤᠨ᠎ᠠ︕︾ ᠬᠡᠬᠦ | ᠪᠤᠶᠤ ᠱᠠᠭᠠᠵᠠᠭᠠᠢ ︽ᠮᠦᠰᠦᠨ ᠲᠡᠬᠡᠷ᠎ᠡ ᠰᠠᠭᠤᠪᠠᠯ ᠲᠤᠯᠠᠭᠠᠨ ᠡᠪᠤᠯ ᠪᠤᠯᠤᠨ᠎ᠠ︕︾᠂ ︽ᠦᠷᠯᠦᠬᠡ ᠡᠷᠳᠡ | ᠮᠤᠳᠤᠨ ᠲᠡᠬᠡᠷ᠎ᠡ ᠰᠠᠭᠤᠵᠤ ᠱᠠᠬᠰᠢᠪᠠᠯ ᠪᠤᠷᠤᠭᠠᠨ ᠤᠷᠤᠨ᠎ᠠ︕︾ ᠬᠡᠳᠡᠭ᠃ ᠬᠤᠷᠴᠢᠨ ᠵᠡᠬᠦᠨ ᠭᠠᠷᠤᠨ ᠬᠤᠶᠢᠳᠦ | ᠬᠤᠰᠢᠭᠤᠨ ᠤ ᠬᠢᠨ ᠱᠠᠭᠠᠵᠠᠭᠠᠢ ᠦᠳᠡ ᠶᠢᠨ ᠡᠮᠦᠨ᠎ᠡ ᠱᠠᠬᠰᠢᠪᠠᠯ ᠰᠠᠶᠢᠨ ᠴᠢᠮᠡᠭᠡ ᠰᠤᠨᠤᠰᠤᠨ᠎ᠠ᠂ ᠦᠳᠡ ᠶᠢᠨ | ᠬᠤᠶᠢᠨ᠎ᠠ ᠱᠠᠬᠱᠢᠪᠠᠯ ︽ᠮᠠᠭᠤ ᠴᠢᠮᠡᠭᠡ ᠰᠤᠨᠤᠰᠤᠨ᠎ᠠ︕︾ ᠬᠡᠵᠦ ᠦᠵᠡᠳᠡᠭ ᠠᠴᠠ ᠱᠠᠭᠠᠵᠠᠭᠠᠢ ᠱᠠᠬᠰᠢᠬᠤ ᠶᠢ | ᠰᠤᠨᠤᠰᠤᠬᠰᠠᠭᠠᠷ ︽ᠰᠠᠶᠢᠨ ᠠᠮᠠ᠂ ᠰᠠᠶᠢᠨ ᠠᠮᠠ︕︾ ᠬᠡᠵᠦ ᠰᠢᠪᠰᠢᠳᠡᠭ᠃ ᠰᠢᠯᠢ ᠶᠢᠨ ᠭᠤᠤᠯ ᠠᠶᠢᠮᠠᠭ ᠲᠤ ︽ | ᠰᠠᠶᠢᠨ ᠬᠡᠯᠡ᠂ ᠰᠠᠶᠢᠨ ᠬᠡᠯᠡ᠂ ᠰᠠᠭᠠᠷᠢᠨ ᠭᠤᠳᠤᠯ ᠤᠶᠤᠵᠤ ᠦᠭᠬᠦᠶ᠎ᠡ᠂ ᠪᠤᠵᠠᠭᠠᠢ ᠬᠡᠯᠡ᠂ ᠪᠤᠯᠢᠭᠠᠷᠢᠨ ᠭᠤᠳᠤᠯ | ᠤᠶᠤᠵᠦ ᠦᠭᠬᠦᠶ᠎ᠠ︕︾ ᠬᠡᠵᠦ ᠰᠠᠶᠢᠨ ᠴᠢᠮᠡᠭᠡ ᠬᠦᠷᠬᠡᠵᠦ ᠢᠷᠡᠬᠦ ᠶᠢ ᠬᠦᠰᠡᠮᠵᠢᠯᠡᠨ ︽ᠭᠤᠳᠤᠯ ᠤᠶᠤᠵᠤ | ᠦᠭᠬᠦᠶ᠎ᠠ︕︾ ᠬᠡᠵᠦ ᠠᠮᠠᠯᠳᠤᠨ ᠰᠢᠪᠰᠢᠳᠡᠭ᠃ | ᠮᠤᠩᠭᠤᠯᠴᠤᠳ ︽ᠱᠠᠭᠠᠵᠠᠭᠠᠢ ᠠᠯᠠᠪᠠᠯ ᠠᠩ ᠲᠤᠳᠠᠭᠠᠨᠠ︕︾ ᠬᠡᠬᠦ ᠪᠤᠶᠤ ︽ᠬᠡᠶᠢᠮᠦᠷᠢ ᠬᠡᠪᠳᠡᠨ᠎ᠡ︕︾ | ᠬᠡᠵᠦ ᠦᠵᠡᠳᠡᠭ ᠠᠴᠠ ᠱᠠᠭᠠᠵᠠᠭᠠᠢ ᠶᠢ ᠬᠠᠷᠪᠤᠵᠤ ᠨᠠᠮᠨᠠᠬᠤ ᠶᠢ ᠴᠡᠬᠡᠷᠯᠡᠳᠡᠭ᠃ | ︵︽ᠮᠤᠩᠭᠤᠯ ᠤᠯᠠᠮᠵᠢᠯᠠᠯᠳᠦ ᠲᠤᠮ ᠰᠢᠪᠰᠢᠯᠬᠡ︾ ᠬᠡᠬᠦ ᠨᠤᠮ ᠠᠴᠠ︶ | | | |