ᠨᠤᠬᠠᠢ ᠪᠤᠯ ᠮᠤᠩᠭᠤᠯᠴᠤᠳ ᠤᠨ ᠰᠠᠶᠢᠨ ᠨᠠᠶᠢᠵᠠ᠂ ᠳᠤᠳᠤᠨᠤ ᠬᠠᠨᠢ᠃ ᠨᠤᠬᠠᠢ ᠳᠠᠵᠢᠭᠡᠬᠦ ᠪᠤᠯ | ᠮᠤᠩᠭᠤᠯᠴᠤᠳ ᠤᠨ ᠠᠮᠢᠳᠤᠷᠠᠯ ᠤᠨ ᠴᠢᠬᠤᠯᠠ ᠨᠢᠭᠡᠨ ᠵᠦᠢᠯ᠃ ᠮᠤᠩᠭᠤᠯ ᠠᠶᠢᠯ ︵ᠮᠠᠯᠴᠢᠨ᠂ ᠳᠠᠷᠢᠶᠠᠴᠢᠨ᠂ | ᠠᠩᠴᠢᠨ᠂ ᠬᠦᠷᠦᠭᠡᠴᠢᠨ ᠁︶ ᠠᠯᠢ ᠠᠶᠢᠯ ᠡᠷᠦᠭᠡ ᠨᠢ ᠴᠤ ᠬᠡᠰᠡᠨ ᠭᠡᠵᠢᠶᠡᠳᠡ ᠪᠠᠨ 1 — 2 ᠨᠤᠬᠠᠢ | ᠳᠡᠵᠢᠬᠡᠳᠡᠭ᠃ ᠪᠠᠶᠢᠳᠠᠯ ᠭᠡᠷᠡᠭᠴᠡᠭᠡ ᠪᠠᠨ ᠦᠨᠳᠦᠰᠦᠯᠠᠵᠦ ᠪᠠᠶᠢᠭᠠᠳ ᠵᠠᠷᠢᠮ ᠠᠶᠢᠯ ᠨᠢ ᠭᠡᠳᠦ ᠭᠡᠳᠦᠨ ᠨᠤᠬᠠᠢ | ᠳᠠᠵᠢᠬᠡᠳᠡᠭ ᠴᠤ ᠪᠤᠢ᠃ | ᠮᠤᠩᠭᠤᠯ ᠬᠦᠮᠦᠨ ᠨᠢᠭᠡ ᠠᠶᠢᠯ ᠡᠷᠦᠭᠡ ᠶᠢᠨ ᠤᠷᠦᠰᠢᠨ ᠠᠮᠢᠳᠤᠷᠠᠵᠦ ᠪᠠᠶᠢᠭ᠎ᠠ ᠡᠰᠠᠬᠦ ᠶᠢ ᠨᠤᠬᠠᠢ ᠶᠢᠨ | ᠳᠠᠭᠤ ᠪᠠᠷ ᠨᠢ ᠭᠡᠮᠵᠢᠶᠡᠯᠡᠳᠡᠭ᠃ ᠨᠤᠬᠠᠢ ᠶᠢᠨ ᠳᠠᠭᠤ ᠭᠠᠷᠴᠤ ᠯᠠ ᠪᠠᠶᠢᠪᠠᠯ᠂ ᠡᠨᠡ ᠠᠶᠢᠯ ᠡᠷᠦᠭᠡ ᠬᠠᠮᠢᠭ᠎ᠠ | ᠬᠠᠮᠢᠭᠠᠭᠤᠷ ᠪᠠᠶᠢᠨ᠎ᠠ᠂ ᠶᠠᠭᠤ ᠶᠠᠭᠤ ᠬᠢᠵᠦ ᠪᠠᠶᠢᠨ᠎ᠠ᠂ ᠶᠠᠮᠠᠷ ᠪᠠᠶᠢᠳᠠᠯ ᠲᠠᠢ ᠪᠠᠶᠢᠨ᠎ᠠ᠂ ᠭᠡᠷ ᠲᠤᠨᠢ ᠬᠦᠮᠦᠨ ᠪᠠᠶᠢᠬᠤ | ᠡᠰᠠᠬᠦ᠂ ᠠᠮᠢᠳᠤᠷᠠᠯ ᠤᠷᠤᠰᠢᠯ ᠨᠢ ᠶᠠᠮᠠᠷ ᠵᠡᠷᠭᠡ ᠪᠠᠶᠢᠬᠤ ᠡᠰᠠᠬᠦ ᠵᠡᠷᠭᠡ ᠶᠢ ᠮᠠᠭᠠᠳᠯᠠᠨ ᠳᠦᠰᠦᠭᠡᠯᠡᠳᠡᠭ᠃ | ᠨᠤᠬᠠᠢ ᠶᠢᠨ ᠳᠠᠭᠤ ᠳᠠᠰᠤᠷᠠᠯ᠎ᠠ ᠯᠠ ᠭᠡᠪᠡᠯ ᠡᠨᠡ ᠠᠶᠢᠯ ᠡᠷᠦᠭᠡ ᠶᠢᠨ ᠠᠯᠢᠪᠠ ᠠᠮᠢᠳᠤᠷᠠᠯ ᠤᠷᠤᠰᠢᠯ ᠳᠠᠭᠤᠰᠤᠯ᠎ᠠ ᠯᠠ | ᠭᠡᠰᠡᠨ ᠤᠴᠢᠷ ᠭᠡᠵᠦ ᠦᠵᠡᠳᠡᠭ᠃ | ᠨᠤᠬᠠᠢ ᠪᠤᠯ ᠦᠨᠠᠨᠴᠢ ᠰᠢᠳᠤᠷᠭᠤ᠂ ᠬᠤᠷᠴᠠ ᠰᠠᠷᠭᠡᠭ ᠠᠮᠢᠳᠠᠨ ᠶᠤᠮ᠃ ᠮᠤᠩᠭᠤᠯᠴᠤᠳ ᠨᠤᠬᠠᠢ ᠳᠠᠵᠢᠭᠡᠵᠦ | ᠪᠠᠶᠢᠳᠠᠭ ᠨᠢ᠂ ᠨᠤᠬᠠᠢ ᠶᠢ ᠦᠪᠡᠷ ᠤᠨ ᠪᠠᠶ᠎ᠠ ᠳᠡᠭᠡᠨ ᠬᠠᠨᠢ ᠨᠠᠶᠢᠵᠠ᠂ ᠪᠠᠷ᠎ᠠ ᠳᠦᠰᠢᠭ ᠪᠤᠯᠭᠠᠬᠤ ᠶᠢᠨ ᠳᠦᠯᠦᠭᠡ ᠪᠠᠷ | ᠪᠠᠷᠠᠬᠤ ᠦᠭᠡᠢ᠂ ᠨᠠᠩ ᠴᠢᠬᠤᠯᠠ ᠨᠢ ᠨᠤᠬᠠᠢ ᠪᠠᠷ ᠬᠤᠳᠠ ᠤᠰᠤ᠂ ᠭᠡᠷ ᠡᠷᠦᠭᠡ ᠪᠠᠨ ᠰᠠᠬᠢᠭᠤᠯᠵᠦ᠂ ᠬᠤᠯᠠᠭᠠᠢ | ᠳᠡᠭᠡᠷᠡᠮ ᠢ ᠰᠠᠷᠭᠡᠶᠢᠯᠠᠵᠦ᠂ ᠬᠤᠤᠷᠳᠠᠨ ᠳᠠᠶᠢᠰᠦᠨ ᠢ ᠳᠠᠷᠤᠨ ᠠᠷᠢᠯᠭᠠᠬᠤ ᠶᠢᠨ ᠳᠦᠯᠦᠭᠡ ᠶᠤᠮ᠃ ᠰᠠᠶᠢᠨ ᠮᠠᠨᠠᠭᠠᠴᠢ | ᠂ ᠬᠤᠳᠠᠴᠢ ᠨᠤᠬᠠᠢ ᠲᠠᠢ ᠠᠶᠢᠯ ᠳᠤ ᠪᠤᠯ ᠡᠩ ᠤᠨ ᠪᠠᠶᠢᠳᠠᠯ ᠳᠤ ᠶᠠᠮᠠᠷᠪᠠ ᠬᠤᠯᠠᠭᠠᠢ ᠳᠡᠭᠡᠷᠡᠮ ᠪᠤᠶᠤ ᠬᠤᠤᠷᠳᠠᠨ | ᠳᠠᠶᠢᠰᠦᠨ ︵ᠦᠨᠡᠭᠡ᠂ ᠴᠢᠨ᠋ᠸ᠎ᠠ᠂ ᠪᠠᠷᠰ᠂ ᠪᠠᠭᠠᠪᠠᠭᠠᠢ ᠁︶᠂ ᠮᠠᠭᠤ ᠡᠳᠡᠭᠡᠳ ᠤᠶᠢᠷᠠᠳᠤᠵᠦ ᠬᠠᠯᠳᠠᠵᠦ | ᠴᠢᠳᠠᠳᠠᠭ ᠦᠭᠡᠢ ᠶᠤᠮ᠃ ᠬᠤᠯᠠᠭᠤᠷ ᠵᠠᠶᠢᠳᠠᠨ ᠬᠤᠯᠠᠭᠤᠵᠦ ᠰᠢᠯᠭᠡᠬᠡᠵᠦ ᠬᠠᠷᠠᠨ ᠶᠠᠪᠤᠳᠠᠭ ᠶᠤᠮ᠃ | ᠨᠤᠬᠠᠢ ᠶᠢ ᠳᠠᠵᠢᠭᠡᠭᠦ ᠳᠤ ᠬᠦᠯᠦᠭᠡᠨ ᠠᠴᠠ ᠨᠢ ᠡᠬᠢᠯᠡᠨ ᠳᠠᠵᠢᠭᠡᠵᠦ ᠳᠠᠰᠬᠠᠳᠠᠭ᠃ ᠳᠤᠮᠤ ᠪᠤᠯᠤᠭᠰᠠᠨ | ᠬᠤᠶᠢᠨ᠎ᠠ ᠳᠠᠵᠢᠭᠡᠵᠦ ᠳᠠᠰᠬᠠᠬᠤ ᠳᠤ ᠳᠤᠩ ᠬᠦᠴᠢᠷ᠃ ᠤᠴᠢᠷ ᠨᠢ ᠨᠤᠬᠠᠢ ᠦᠪᠠᠷ ᠤᠨ ᠦᠰᠦᠭᠰᠡᠨ ᠳᠠᠰᠤᠭᠰᠠᠨ | ᠭᠡᠷ ᠡᠷᠦᠭᠡ ᠪᠤᠶᠤ ᠦᠰᠭᠡᠵᠦ ᠳᠠᠵᠢᠭᠡᠭᠰᠡᠨ ᠡᠵᠡᠨ ᠠᠴᠠ ᠪᠠᠨ ᠦᠭᠡᠷ᠎ᠡ ᠠᠶᠢᠯ ᠡᠷᠦᠭᠡ᠂ ᠦᠭᠡᠷ᠎ᠡ ᠬᠦᠮᠦᠨ ᠬᠠᠷ᠎ᠠ ᠶᠢ | ᠶᠡᠷᠦ ᠨᠢ ᠢᠳᠡᠭᠡᠳᠡᠭ ᠦᠭᠡᠢ᠂ ᠴᠦᠮ ᠢ ︽ᠮᠠᠭᠤ ᠠᠮᠢᠳᠠᠨ︾᠂ ︽ᠮᠠᠭᠤ ᠡᠳᠡᠭᠡᠳ︾ ᠢᠶᠠᠷ ᠦᠵᠡᠳᠡᠭ ᠶᠤᠮ᠃ | ᠨᠤᠬᠠᠢ ᠳᠠᠵᠢᠭᠡᠬᠦ ᠳᠤ ᠬᠦᠯᠦᠭᠡ ᠰᠤᠩᠭᠤᠬᠤ ᠪᠤᠯ ᠬᠠᠮᠤᠭ ᠤᠨ ᠴᠢᠬᠤᠯᠠ᠃ ︽ᠨᠢᠭᠡ ᠰᠠᠶᠢᠨ ᠨᠤᠬᠠᠢ ᠲᠠᠢ | ᠪᠤᠯᠤᠶ᠎ᠠ ᠭᠡᠪᠡᠯ ᠡᠬᠦᠷ ᠢ ᠨᠢ ᠦᠵᠠ ︵ᠤᠳᠤᠮ ᠢ ᠨᠢ ᠦᠵᠠ︶᠂ ᠡᠭᠡ ᠶᠢ ᠨᠢ ᠦᠵᠠ᠂ ᠬᠦᠯᠦᠭᠡ ᠶᠢ ᠨᠢ ᠦᠵᠠ ︵ | ᠨᠢᠭᠡ ᠡᠭᠦᠷ ᠬᠦᠯᠦᠭᠡ ᠠᠴᠠ ᠠᠯᠢ ᠨᠢ ᠰᠠᠶᠢᠨ ᠪᠤᠢ ᠭᠡᠰᠡᠨ ᠢ ᠰᠠᠶᠢᠨ ᠦᠵᠠ᠂ ᠰᠠᠶᠢᠳᠦᠷ ᠰᠤᠩᠭᠤ︶︾ ᠭᠡᠵᠦ | ᠮᠤᠩᠭᠤᠯᠴᠤᠳ ᠦᠷᠬᠦᠯᠵᠢᠳᠠ ᠶᠠᠷᠢᠳᠠᠭ᠃ ᠮᠤᠩᠭᠤᠯᠴᠤᠳ ᠨᠢᠭᠡ ᠡᠬᠦᠷ ᠬᠦᠯᠦᠭᠡ ᠠᠴᠠ ᠳᠠᠵᠢᠭᠡᠭᠦ ᠬᠦᠯᠦᠭᠡ ᠪᠠᠨ | ᠰᠤᠩᠭᠤᠬᠤ ᠳᠠᠭᠠᠨ ᠠᠯᠢ ᠨᠢᠭᠡ ᠨᠢ ᠶᠠᠮᠠᠷ ᠠᠪᠠ ᠳᠤ ᠰᠠᠶᠢᠨ᠂ ᠠᠯᠢ ᠨᠢᠭᠡ ᠨᠢ ᠭᠡᠷ ᠬᠠᠷᠠᠬᠤ ᠳᠤ ᠰᠠᠶᠢᠨ᠂ ᠠᠯᠢ | ᠨᠢᠭᠡ ᠨᠢ ᠬᠤᠳᠠ ᠰᠠᠬᠢᠬᠤ ᠳᠤ ᠰᠠᠶᠢᠨ᠂ ᠠᠯᠢ ᠨᠢᠭᠡ ᠨᠢ ᠮᠠᠨᠠᠭ᠎ᠠ ᠮᠠᠨᠠᠬᠤ ᠳᠤ ᠰᠠᠶᠢᠨ ᠭᠡᠵᠦ ᠢᠯᠭᠠᠵᠦ ᠰᠢᠯᠢᠨ | ᠦᠵᠠᠳᠡᠭ᠃ ᠶᠡᠷᠦ ᠳᠡᠭᠡᠨ ᠪᠠᠶ᠎ᠠ ᠪᠠᠷ᠎ᠠ ᠳᠠᠩᠴᠠᠬᠦᠬᠡᠨ᠂ ᠠᠵᠢᠭᠴᠢ ᠬᠢᠷᠠᠬᠠᠢ᠂ ᠬᠤᠷᠴᠠ ᠰᠠᠷᠭᠡᠭ ᠬᠦᠯᠦᠬᠡ ᠪᠤᠯ ᠭᠡᠷ | ᠳᠡᠷᠭᠡ ᠬᠠᠷᠠᠬᠤ᠂ ᠬᠤᠳᠠ ᠤᠰᠤ ᠰᠠᠬᠢᠬᠤ ᠳᠤ ᠰᠠᠶᠢᠨ ᠨᠤᠬᠠᠢ ᠪᠤᠯᠤᠨ᠎ᠠ ᠭᠡᠵᠦ ᠬᠤᠳᠠᠴᠢ᠂ ᠮᠠᠨᠠᠭᠠᠴᠢ ᠨᠤᠬᠠᠢ ᠪᠠᠷ | ᠰᠤᠩᠭᠤᠨ ᠪᠤᠯᠪᠠᠰᠤᠷᠠᠭᠤᠯᠵᠦ ᠳᠠᠰᠬᠠᠳᠠᠭ᠃ ᠪᠠᠶ᠎ᠠ ᠪᠠᠷ᠎ᠠ ᠪᠠᠭᠠᠪᠳᠤᠷ᠂ ᠬᠦᠳᠠᠯᠵᠦ ᠪᠠᠷᠢᠬᠤ ᠨᠢ ᠱᠠᠯᠠᠮᠠᠭ ᠰᠢᠬ | ᠬᠦᠯᠦᠭᠡ ᠪᠤᠯ ᠦᠨᠡᠭᠡ ᠱᠠᠬᠠᠷᠠ ᠪᠠᠷᠢᠬᠤ ᠳᠤ ᠰᠠᠶᠢᠨ ᠨᠤᠬᠠᠢ ᠪᠤᠯᠤᠨ᠎ᠠ ᠭᠡᠵᠦ ᠦᠵᠠᠵᠦ᠂᠂ ᠪᠠᠶ᠎ᠠ ᠪᠦᠳᠦᠬᠦᠨ᠂ | ᠵᠠᠪᠠᠵᠢ ᠠᠭᠤᠳᠠᠮ᠂ ᠴᠠᠭᠡᠵᠢ ᠦᠷᠭᠡᠨ᠂ ᠳᠤᠯᠤᠭᠠᠢ ᠨᠢ ᠳᠤᠮᠤ᠂ ᠭᠠᠪᠠᠯᠠ ᠮᠠᠩᠨᠠᠢ ᠶᠢᠨ ᠶᠠᠰᠤ ᠨᠢ ᠬᠦᠳᠦᠬᠦᠷ | ᠬᠦᠯᠦᠭᠡ ᠪᠤᠯ ᠭᠡᠷᠡᠭᠦᠯ ᠵᠤᠳᠤᠭᠠᠨ ᠬᠢᠬᠦ ᠳᠤ ᠬᠦᠴᠦ ᠴᠢᠳᠠᠯ ᠲᠠᠢ᠂ ᠠᠩᠴᠢ ᠬᠦᠷᠦᠭᠡᠴᠢ ᠨᠤᠬᠠᠢ ᠪᠤᠯᠤᠨ᠎ᠠ ᠭᠡᠵᠦ | ᠠᠩᠴᠢ ᠬᠦᠷᠦᠭᠡᠴᠢ ᠨᠤᠬᠠᠢ ᠪᠠᠷ ᠰᠤᠩᠭᠤᠵᠦ ᠳᠠᠰᠬᠠᠨ ᠪᠤᠯᠪᠠᠰᠤᠷᠠᠭᠤᠯᠳᠠᠭ᠃ ᠤᠨᠴᠠᠭᠠᠶᠢᠯᠠᠨ ᠨᠢᠯᠬ᠎ᠠ ᠬᠦᠯᠦᠭᠡ ᠶᠢ | ᠳᠤᠬᠤᠨ ᠤ ᠬᠢᠨᠢ ᠠᠷᠠᠰᠤ ᠠᠴᠠ ᠪᠠᠵᠠᠵᠦ ᠳᠡᠭᠡᠭᠰᠢ ᠳᠡᠬᠦᠵᠢᠯᠠᠨ ᠡᠷᠭᠦᠭᠦ ᠳᠤ ︽ᠭᠠᠩ︾ ᠭᠡᠵᠦ ᠳᠤᠤᠭᠠᠷᠬᠤ ᠦᠭᠡᠢ᠂ | ᠭᠠᠰᠠᠯᠵᠦ ᠤᠷᠢᠯᠠᠵᠦ ᠴᠢᠷᠠᠯᠠᠬᠤ ᠦᠭᠡᠢ ᠪᠤᠯ ᠡᠨᠡ ᠬᠦᠯᠦᠭᠡ ᠨᠢ ᠳᠤᠮᠤ ᠪᠤᠯᠪᠠᠯ ᠳᠠᠰᠪᠤᠷᠢ ᠰᠠᠶᠢᠳᠠᠢ᠂ | ᠶᠠᠭᠤᠨ ᠠᠴᠠ ᠴᠤ ᠠᠶᠤᠬᠤ ᠦᠭᠡᠢ᠂ ᠵᠤᠷᠢᠭ ᠰᠦᠰᠦ ᠲᠠᠢ ᠭᠡᠴᠠᠬᠦᠦ ᠨᠤᠬᠠᠢ ᠪᠤᠯᠤᠨ᠎ᠠ ᠭᠡᠵᠦ ᠦᠵᠠᠳᠡᠭ᠃ ᠡᠶᠢᠮᠦ | ᠨᠤᠬᠠᠢ ᠨᠢ ᠠᠶᠢᠯ ᠡᠷᠦᠭᠡ᠂ ᠬᠤᠳᠠ ᠤᠰᠤ ᠰᠠᠬᠢᠭᠰᠠᠨ ᠴᠤ ᠰᠠᠶᠢᠨ ᠬᠤᠳᠠᠴᠢ᠂ ᠮᠠᠨᠠᠭᠠᠴᠢ ᠨᠤᠬᠠᠢ ᠪᠤᠯᠵᠦ ᠴᠢᠳᠠᠬᠤ | ᠮᠦᠷᠳᠡᠭᠡᠨ ᠦᠨᠡᠭᠡ᠂ ᠴᠢᠨ᠋ᠸ᠎ᠠ ᠪᠠᠷᠰ᠂ ᠪᠠᠭᠠᠪᠠᠭᠠᠢ᠂ ᠢᠷᠪᠢᠰ ᠮᠠᠳᠤ ᠵᠡᠷᠯᠢᠭ ᠳᠤᠭᠰᠢᠨ ᠠᠷᠢᠶᠠᠳᠠᠨ ᠠᠮᠢᠳᠠᠨ ᠲᠠᠢ | ᠳᠤᠯᠤᠯᠳᠤᠭᠰᠠᠨ ᠴᠤ ᠠᠶᠤᠵᠦ ᠰᠦᠷᠳᠡᠭᠦ ᠦᠭᠡᠢ᠂ ᠰᠦᠷ ᠬᠦᠴᠦᠨ ᠲᠠᠢ ᠨᠤᠬᠠᠢ ᠪᠤᠯᠵᠦ ᠴᠢᠳᠠᠳᠠᠭ ᠮᠦᠷᠳᠡᠭᠡᠨ | ᠡᠵᠡᠨ ᠳᠡᠭᠡᠨ ᠳᠤᠰᠠ ᠬᠦᠴᠦ ᠪᠠᠨ ᠪᠦᠷᠢᠨ ᠬᠦᠷᠭᠡᠵᠦ ᠴᠢᠳᠠᠳᠠᠭ᠃ ᠳᠡᠵᠢᠭᠡᠭᠦ ᠬᠦᠯᠦᠭᠡ ᠪᠠᠨ ᠰᠤᠩᠭᠤᠵᠦ | ᠳᠤᠭᠳᠠᠭᠠᠭᠰᠠᠨ ᠤ ᠳᠠᠷᠠᠭ᠎ᠠ᠂ ᠰᠤᠷᠭᠠᠵᠦ ᠳᠠᠰᠬᠠᠬᠤ ᠪᠤᠯ ᠭᠤᠤᠯ ᠠᠵᠢᠯ᠃ ᠶᠠᠮᠠᠷ ᠴᠢᠭᠯᠡᠯ ᠢᠶᠠᠷ ᠰᠤᠷᠭᠠᠬᠤ ᠨᠤᠬᠠᠢ | ᠪᠤᠯ ᠶᠠᠮᠠᠷ ᠴᠢᠭᠯᠡᠯ ᠢᠶᠠᠷ ᠨᠢ ᠳᠠᠰᠬᠠᠵᠦ ᠪᠤᠯᠪᠠᠰᠤᠷᠠᠭᠤᠯᠳᠠᠭ᠃ ᠳᠠᠷᠤᠢ ᠬᠤᠳᠠᠴᠢ᠂ ᠮᠠᠨᠠᠭᠠᠴᠢ ᠨᠤᠬᠠᠢ ᠪᠤᠯᠭᠠᠬᠤ | ᠭᠡᠪᠡᠯ᠂ ᠪᠠᠭ᠎ᠠ ᠠᠴᠠ ᠨᠢ ᠮᠠᠯ ᠠᠬᠤᠢ᠂ ᠭᠡᠷ ᠳᠠᠷᠭᠡ ᠲᠠᠢ ᠢᠯᠠᠬᠦᠦ ᠤᠶᠢᠷᠠᠳᠤᠭᠤᠯᠵᠦ᠂ ᠭᠡᠷ ᠳᠡᠷᠭᠡ ᠰᠠᠬᠢᠬᠤ ᠪᠤᠶᠤ | ᠮᠠᠯ ᠤᠨᠤᠭ᠎ᠠ ᠬᠠᠷᠠᠬᠤ ᠳᠤ ᠢᠯᠠᠬᠦᠦ ᠳᠠᠭᠠᠭᠤᠯᠵᠦ ᠳᠠᠰᠬᠠᠳᠠᠭ᠃ ᠠᠩᠴᠢ᠂ ᠬᠦᠷᠦᠭᠡᠴᠢ ᠨᠤᠬᠠᠢ ᠪᠤᠯᠭᠠᠬᠤ ᠭᠡᠪᠡᠯ᠂ | ᠠᠩ ᠬᠦᠷᠦᠭᠡ ᠳᠤ ᠢᠯᠠᠬᠦᠦ ᠳᠠᠭᠠᠭᠤᠯᠵᠦ᠂ ᠠᠮᠢᠳᠠᠨ ᠠᠷᠢᠶᠠᠳᠠᠨ ᠲᠠᠢ ᠢᠯᠠᠬᠦᠦ ᠤᠶᠢᠷᠠᠳᠤᠭᠤᠯᠵᠦ᠂ ᠠᠪᠠᠯᠠᠵᠦ | ᠬᠦᠷᠦᠭᠡᠯᠡᠬᠦ ᠠᠷᠭ᠎ᠠ ᠳᠠᠮ ᠢ ᠵᠢᠭᠠᠵᠦ ᠳᠤᠬᠢᠵᠦ ᠦᠭᠴᠦ᠂ ᠠᠪᠠᠯᠠᠵᠦ ᠬᠦᠷᠦᠭᠡᠯᠡᠬᠦ ᠠᠪᠢᠶᠠᠰ ᠴᠢᠳᠠᠪᠤᠷᠢ ᠶᠢ ᠨᠢ | ᠠᠯᠭᠤᠷ ᠢᠶᠠᠷ ᠪᠤᠯᠪᠠᠰᠤᠷᠠᠭᠤᠯᠤᠨ ᠳᠠᠭᠡᠭᠰᠢᠯᠠᠬᠦᠯᠵᠦ ᠳᠠᠰᠬᠠᠳᠠᠭ᠃ | ᠨᠤᠬᠠᠢ ᠶᠢ ᠰᠤᠷᠭᠠᠵᠦ ᠳᠠᠰᠬᠠᠬᠤ ᠳᠤ ᠨᠠᠷᠠ ᠦᠭᠭᠦ ᠮᠠᠰᠢ ᠴᠢᠬᠤᠯᠠ᠃ ᠶᠠᠮᠠᠷ ᠨᠠᠷᠠ ᠦᠭᠭᠦ ᠭᠡᠪᠡᠯ ᠳᠠᠷᠠ | ᠨᠠᠷᠠ ᠪᠠᠨ ᠬᠦᠯᠦᠭᠡᠨ ᠳᠤᠨᠢ ︵ᠬᠦᠯᠦᠭᠡ ᠪᠠᠶᠢᠬᠤ ᠦᠶ᠎ᠠ ᠳᠤᠨᠢ︶ ᠦᠭᠴᠤ᠂ ᠬᠦᠯᠦᠭᠡᠨ ᠠᠴᠠ ᠨᠢ ᠴᠢᠬᠢᠨ ᠳᠤᠨᠢ | ᠬᠠᠳᠠᠩᠰᠢᠳᠠᠯ᠎ᠠ ᠳᠠᠭᠤᠳᠠᠵᠦ ᠰᠢᠪᠠᠨᠠᠵᠦ᠂ ᠵᠠᠩᠨᠠᠵᠦ ᠳᠤᠭᠳᠤᠷᠴᠤ᠂ ᠵᠢᠭᠠᠵᠦ ᠳᠤᠬᠢᠵᠦ ᠰᠤᠷᠭᠠᠨ᠎ᠠ᠃ ᠶᠠᠮᠠᠷ ᠨᠤᠬᠠᠢ | ᠪᠤᠯᠤᠭᠰᠠᠨ ᠴᠤ᠂ ᠪᠠᠭ᠎ᠠ ᠠᠴᠠ ᠨᠢ ᠳᠠᠭᠤᠳᠠᠭᠠᠳ ᠢᠷᠡᠭᠰᠡᠨ ᠨᠠᠷᠠ ᠪᠠᠷ ᠨᠢ ᠳᠠᠭᠤᠳᠠᠯ᠎ᠠ ᠯᠠ ᠭᠡᠪᠡᠯ᠂ ᠪᠠᠷᠢᠨ | ᠳᠤᠤᠷ᠎ᠠ ᠪᠠᠨ ᠳᠠᠪᠭᠡᠷᠦᠨ ᠪᠤᠰᠴᠦ᠂ ᠶᠠᠭᠤ ᠬᠢ ᠭᠡᠪᠡᠯ ᠶᠠᠭᠤ ᠶᠢ ᠴᠢᠨᠢ ᠬᠢᠴᠢᠭᠡᠳᠡᠭ᠂ ᠶᠠᠭᠠᠬᠢᠵᠦ ᠬᠢ ᠭᠡᠪᠡᠯ | ᠶᠠᠭᠠᠬᠢᠵᠦ ᠴᠤ ᠬᠢᠴᠢᠭᠡᠳᠡᠭ ᠪᠦᠭᠡᠳ ᠡᠵᠡᠨ ᠤ ᠪᠠᠨ ᠳᠤᠬᠢᠶ᠎ᠠ᠂ ᠵᠢᠭᠠᠪᠤᠷᠢ ᠠᠴᠠ ᠤᠭᠳᠤᠬᠠᠨ ᠴᠤ ᠵᠦᠷᠢᠬᠦ ᠦᠭᠡᠢ | ᠪᠠᠶᠢᠳᠠᠭ ᠶᠤᠮ᠃ | ᠮᠤᠩᠭᠤᠯ ᠬᠦᠮᠦᠨ ᠨᠤᠬᠠᠢ ᠳᠠᠭᠠᠨ ᠨᠠᠷᠠ ᠦᠭᠭᠦ ᠳᠤ ᠨᠤᠬᠠᠢ ᠶᠢᠨ ᠢᠶᠠᠨ ᠠᠪᠢᠶᠠᠰ᠂ ᠤᠨᠴᠠᠯᠢᠭ ᠪᠤᠶᠤ | ᠦᠪᠠᠷ ᠤᠨ ᠳᠠᠭᠠᠰᠢᠶᠠᠯ ᠢᠶᠠᠨ ᠦᠨᠳᠦᠰᠦᠯᠠᠨ ᠦᠭᠳᠡᠭ ᠶᠤᠮ᠃ ᠶᠠᠷᠦᠩᠬᠡᠢ ᠳᠡᠭᠡᠨ ᠬᠤᠳᠠᠴᠢ᠂ ᠮᠠᠨᠠᠭᠠᠴᠢ ᠨᠤᠬᠠᠢ ᠳᠤ | ᠪᠤᠯ ︽ᠵᠢᠷᠬᠢᠬᠡ᠂ ᠨᠢᠰᠭᠡ᠂ ᠳᠡᠭᠳᠡᠭᠡᠭᠡ᠂ ᠰᠤᠭᠤᠷᠤᠭᠠ ᠁︾ ᠭᠡᠭᠦ ᠬᠤᠷᠴᠠ ᠰᠠᠷᠭᠡᠭ᠂ ᠬᠤᠷᠳᠤᠨ ᠱᠠᠯᠠᠮᠠᠭ | ᠭᠡᠭᠦ ᠤᠨᠴᠠᠯᠢᠭ ᠰᠢᠨᠵᠢ ᠲᠠᠢ ᠨᠠᠷᠠ ᠦᠭᠴᠦ᠂ ᠠᠩᠴᠢ᠂ ᠬᠦᠷᠦᠭᠡᠴᠢ ᠨᠤᠬᠠᠢ ᠳᠤ ᠪᠤᠯ ︽ᠠᠷᠰᠯᠠᠨ᠂ ᠪᠠᠷᠰ᠂ | ᠬᠠᠷᠴᠠᠭᠠᠢ᠂ ᠪᠦᠷᠬᠦᠳ᠂ ᠱᠤᠩᠬᠤᠷ᠂ ᠨᠠᠴᠢᠨ ᠁︾ ᠭᠡᠭᠦ ᠮᠡᠳᠦ ᠠᠷᠢᠶᠠᠳᠠᠨ ᠵᠢᠬᠦᠷᠳᠡᠨ᠂ ᠠᠪᠤᠷᠭᠤ | ᠬᠦᠴᠦᠳᠠᠨ ᠤ ᠨᠠᠷᠠ ᠶᠢ ᠦᠭᠳᠡᠭ᠃ ᠵᠠᠷᠢᠮ ᠳᠤᠨᠢ ᠳᠦᠷᠦᠭᠰᠡᠨ ᠤᠨᠴᠠᠯᠢᠭ ᠳᠦᠷᠬᠦ ᠪᠠᠷ ᠨᠢ ︽ᠳᠠᠯᠳᠠᠩ᠂ ᠪᠠᠨᠳᠠᠭᠠᠷ᠂ | ᠪᠠᠭ᠎ᠠ ᠬᠠᠷ᠎ᠠ᠂ ᠬᠠᠯᠳᠠᠷ᠂ ᠰᠢᠷ᠎ᠠ ᠁︾ ᠭᠡᠭᠦ ᠨᠠᠷᠠ ᠦᠭᠴᠤ᠂ ᠪᠠᠰᠠ ᠵᠠᠷᠢᠮ ᠳᠤᠨᠢ ︽ᠠᠰᠠᠷ᠂ ᠪᠠᠰᠠᠷ᠂ | ᠠᠩᠭᠠᠷ᠂ ᠪᠠᠨᠰᠠᠭᠠᠷ ᠁︾ ᠭᠡᠭᠦ ᠮᠠᠳᠤ ᠶᠠᠮᠠᠷ ᠴᠤ ᠤᠨᠴᠠᠭᠠᠢ ᠤᠳᠬ᠎ᠠ ᠠᠭᠤᠯᠭ᠎ᠠ ᠦᠭᠡᠢ ᠨᠠᠷᠠ ᠪᠤᠶᠤ | ᠤᠳᠬ᠎ᠠ ᠬᠠᠯᠭᠤᠭᠤᠯᠤᠭᠰᠠᠨ ︵ᠰᠢᠯᠵᠢᠬᠦᠯᠦᠭᠰᠡᠨ︶ ᠨᠠᠷᠠ ᠴᠤ ᠦᠭᠳᠡᠭ᠃ ᠶᠠᠮᠠᠷ ᠨᠠᠷᠠ ᠦᠭᠭᠦᠭᠰᠡᠨ ᠴᠤ ᠬᠠᠮᠢᠶ᠎ᠠ | ᠦᠭᠡᠢ᠂ ᠨᠠᠷᠠᠰᠢᠬᠦᠯᠦᠭᠡᠳ ᠳᠠᠭᠤᠳᠠᠭᠠᠳ ᠰᠤᠷᠭᠠᠴᠢᠬᠠᠪᠠᠯ ᠡᠵᠡᠨ ᠤ ᠪᠠᠨ ᠦᠭᠡ ᠠᠴᠠ ᠨᠢᠭᠡ ᠴᠤ ᠵᠦᠷᠢᠳᠡᠭ ᠦᠭᠡᠢ | ᠶᠤᠮ᠂ ᠮᠤᠩᠭᠤᠯ ᠨᠤᠬᠠᠳ ᠮᠢᠨᠢ︕ | ᠨᠤᠬᠠᠢ ᠪᠤᠯ ᠤᠢ ᠪᠢᠯᠢᠭ ᠰᠠᠶᠢᠳᠠᠢ᠂ ᠤᠶᠢᠯᠠᠭᠠᠵᠦ ᠳᠦᠭᠦᠭᠡᠷᠭᠦ ᠴᠢᠳᠠᠪᠤᠷᠢ ᠪᠠᠷ ᠦᠨᠳᠦᠷ᠂ ᠤᠶᠤᠨ ᠮᠠᠳᠠᠷᠠᠯ | ᠳᠠᠭᠦᠰ ᠠᠮᠢᠳᠠᠨ ᠶᠤᠮ᠃ ︽ᠮᠠᠭᠤ ᠡᠷ᠎ᠡ ᠶᠢ ᠮᠠᠯᠵᠢᠬᠤ ᠪᠠᠷ ᠰᠠᠶᠢᠨ ᠭᠠᠷᠵᠢ ︵ᠨᠤᠬᠠᠢ︶ ᠶᠢ ᠳᠠᠵᠢᠭᠡᠭᠰᠡᠨ ᠢ ᠬᠦᠷᠬᠦ | ᠦᠭᠡᠢ︾ ᠭᠡᠵᠦ ᠮᠤᠩᠭᠤᠯᠴᠤᠳ ᠭᠡᠯᠡᠳᠡᠭ᠃ ᠮᠤᠩᠭᠤᠯᠴᠤᠳ ᠨᠤᠬᠠᠢ ᠳᠠᠵᠢᠭᠡᠭᠦ ᠳᠤᠷᠠᠳᠠᠢ᠃ ᠮᠤᠩᠭᠤᠯ ᠠᠷᠠᠳ ᠤᠨ | ᠵᠦᠢᠷ ᠰᠠᠴᠠᠨ ᠦᠭᠡᠨ ᠳᠤ᠄ ︽ᠭᠠᠩ ᠭᠡᠭᠦ ᠨᠤᠬᠠᠢ ᠦᠭᠡᠢ᠂ ᠭᠠᠵᠠᠷ ᠭᠢᠰᠬᠢᠬᠦ ᠮᠠᠯ ᠦᠭᠡᠢ︾ ᠭᠡᠭᠦ ᠦᠭᠡ ᠪᠠᠶᠢᠳᠠᠭ᠃ | ᠡᠨᠡ ᠨᠢ ᠵᠠᠷᠢᠮ ᠮᠠᠯ ᠬᠠᠷ᠎ᠠ ᠳᠠᠵᠢᠭᠡᠭᠦ ᠳᠤᠷ᠎ᠠ ᠦᠭᠡᠢ᠂ ᠠᠮᠢᠳᠤᠷᠠᠯ ᠠᠬᠤᠢ ᠪᠠᠨ ᠡᠷᠬᠢᠴᠠᠭᠦᠯᠭᠦ ᠦᠭᠡᠢ᠂ ᠳᠦᠢᠯ ᠤᠨ | ᠠᠯᠵᠠᠭᠤ ᠵᠠᠯᠬᠠᠭᠤ ᠴᠦᠭᠡᠭᠡᠨ ᠳᠤᠭᠠᠨ ᠤ ᠭᠡᠳᠦᠨ ᠬᠦᠮᠦᠨ ᠢ ᠮᠠᠭᠤᠰᠢᠶᠠᠨ ᠭᠡᠯᠡᠭᠰᠡᠨ ᠦᠭᠡ ᠪᠤᠯᠪᠠᠴᠤ ᠴᠠᠭᠠᠨᠠᠬᠢ | ᠤᠳᠬ᠎ᠠ ᠨᠢ ᠬᠦᠨ ᠶᠤᠮ᠃ ᠭᠠᠵᠠᠷ ᠭᠢᠰᠬᠢᠬᠦ ᠮᠠᠯ ᠦᠭᠡᠢ ᠶᠤᠮ ᠪᠤᠯ ᠭᠠᠩ ᠭᠡᠭᠦ ᠨᠤᠬᠠᠢ ᠪᠠᠷ ᠶᠠᠭᠤ ᠪᠠᠨ ᠬᠢᠨ᠎ᠡ ᠪᠤᠢ | ︖ ᠭᠠᠩ ᠭᠡᠭᠦ ᠨᠤᠬᠠᠢ ᠪᠠᠨ ᠶᠠᠭᠤ ᠪᠠᠷ ᠳᠠᠵᠢᠭᠡᠨᠡ ᠪᠤᠢ︖ | ᠮᠤᠩᠭᠤᠯ ᠬᠦᠮᠦᠨ ᠨᠤᠬᠠᠢ ᠳᠠᠭᠠᠨ ᠳᠦᠢᠯ ᠤᠨ ᠬᠠᠶᠢᠷᠠᠳᠠᠢ ᠪᠠᠶᠢᠳᠠᠭ᠃ ᠮᠤᠩᠭᠤᠯᠴᠤᠳ ᠬᠡᠤᠬᠡᠳ ᠨᠢ ᠠᠯᠢᠶ᠎ᠠ | ᠵᠠᠶᠢᠳᠠᠩ ᠠᠭᠠᠰᠢᠯᠠᠵᠦ ᠪᠠᠶᠢᠪᠠᠯ᠂ ᠠᠶᠢᠯ ᠠᠶᠢᠮᠠᠭ ᠤᠨ ᠬᠢᠨᠢ ᠠᠯᠢ ᠨᠢᠭᠡᠨ ᠠᠬᠠᠮᠠᠳ ᠳᠤᠮᠤᠴᠤᠤᠯ ᠨᠢ ᠤᠯᠵᠦ | ᠦᠵᠡᠭᠡᠳ ᠭᠡᠯᠡᠴᠢᠭᠡᠭᠦ᠂ ᠵᠠᠩᠨᠠᠴᠢᠬᠠᠬᠤ᠂ ᠭᠤᠶᠠᠳᠠᠴᠢᠬᠠᠬᠤ᠂ ᠳᠠᠰᠢᠭᠤᠷᠳᠠᠴᠢᠬᠠᠬᠤ ᠳᠤ ᠡᠴᠢᠭᠡ ᠡᠭᠡ ᠨᠢ ᠶᠠᠭᠤ ᠴᠤ | ᠳᠤᠤᠭᠠᠷᠳᠠᠭ ᠦᠭᠡᠢ᠃ ᠬᠠᠷᠢᠨ ᠨᠤᠬᠠᠢ ᠶᠢ ᠨᠢ ᠬᠤᠴᠠᠯ᠎ᠠ᠂ ᠬᠤᠷᠭᠤᠭᠠᠯᠠ ᠭᠡᠵᠦ ᠵᠠᠩᠨᠠᠵᠦ ᠴᠤᠬᠢᠬᠤ ᠳᠤ ᠬᠦᠷᠪᠠᠯ | ᠡᠵᠡᠨ ᠨᠢ ᠳᠤᠷ᠎ᠠ ᠦᠭᠡᠶᠢᠴᠠᠳᠡᠭ᠃ | ᠮᠤᠩᠭᠤᠯᠴᠤᠳ ᠨᠤᠬᠠᠢ ᠪᠠᠨ ᠶᠠᠷᠦ ᠠᠴᠠ ᠴᠤᠬᠢᠵᠦ ᠶᠤᠷᠳᠠᠳᠠᠭ ᠦᠭᠡᠢ᠃ ᠨᠤᠬᠠᠢ ᠶᠢ ᠦᠩᠭᠡᠷᠡᠤ ᠴᠤᠬᠢᠵᠦ | ᠶᠤᠷᠳᠠᠪᠠᠯ ᠭᠡᠳᠡᠷ ᠳᠤᠭᠰᠢᠨ᠂ ᠬᠠᠵᠢᠭ ᠪᠤᠯᠤᠨ᠎ᠠ ᠭᠡᠵᠦ ᠶᠡᠷᠢᠳᠠᠭ᠃ ᠨᠤᠬᠠᠢ ᠪᠠᠨ ᠪᠤᠰᠤᠳ ᠢ ᠨᠢᠭᠤᠵᠦ ᠬᠠᠵᠠᠬᠤ᠂ | ᠭᠡᠷ ᠦᠷᠦᠭᠡ ᠳᠤ ᠬᠤᠯᠠᠭᠤᠨ ᠤᠷᠤᠬᠤ ᠶᠢ ᠪᠠᠭ᠎ᠠ ᠠᠴᠠ ᠨᠢ ᠭᠡᠷᠰᠠᠤᠯᠠᠨ ᠬᠢᠴᠢᠶᠡᠳᠡᠭ᠃ ᠭᠡᠷ ᠲᠤ ᠤᠷᠤᠬᠤ᠂ | ᠭᠡᠷ ᠠᠴᠠ ᠭᠠᠷᠬᠤ᠂ ᠬᠦᠮᠦᠨ ᠠᠴᠠ ᠶᠠᠭᠤᠮ᠎ᠠ ᠠᠪᠬᠤ᠂ ᠠᠪᠤᠭᠰᠠᠨ ᠶᠠᠭᠤᠮ᠎ᠠ ᠶᠢ ᠪᠤᠴᠠᠭᠠᠵᠦ ᠳᠠᠯᠪᠢᠬᠤ ᠵᠡᠷᠭᠡ ᠶᠢ | ᠪᠠᠭ᠎ᠠ ᠠᠴᠠ ᠨᠢ ᠨᠠᠷᠢᠨ ᠭᠡᠯᠡᠵᠦ ᠶᠡᠷᠢᠵᠦ ᠵᠢᠭᠠᠵᠦ ᠳᠤᠬᠢᠵᠦ ᠰᠤᠷᠭᠠᠳᠠᠭ᠃ ᠨᠤᠬᠠᠢ ᠶᠢ ᠠᠯᠠᠵᠦ ᠨᠢᠳᠦᠯᠳᠠᠭ ᠦᠭᠡᠢ᠂ | ᠬᠤᠳᠠᠯᠳᠤᠵᠦ ᠵᠠᠷᠤᠳᠠᠭ ᠦᠭᠡᠢ᠃ ᠵᠦᠨᠦᠵᠦ ᠮᠤᠨᠤᠳᠠᠯᠠ ᠨᠢ ᠳᠠᠵᠢᠭᠡᠵᠦ᠂ ᠶᠠᠪᠤᠵᠦ ᠶᠠᠭ ᠴᠢᠳᠠᠬᠤ ᠦᠭᠡᠢ ᠪᠤᠯᠬᠤ | ᠪᠤᠶᠤ ᠭᠡᠮᠳᠤᠵᠦ ᠰᠢᠷᠬᠠᠳᠤᠪᠠᠯ ᠭᠡᠭᠡᠷ᠎ᠡ ᠭᠠᠳᠠᠨ᠎ᠠ ᠬᠠᠶᠠᠵᠦ ᠤᠷᠬᠢᠳᠠᠭ ᠦᠭᠡᠢ᠂ ᠳᠡᠷᠭᠡ ᠭᠦᠰᠭᠡᠨ ᠳᠡᠭᠡᠨ ᠳᠡᠭᠡᠭᠡᠭᠡᠳ | ᠶᠠᠪᠤᠳᠠᠭ᠃ ᠨᠤᠬᠠᠢ ᠨᠢ ᠦᠬᠦᠪᠠᠯ᠂ ᠬᠠᠮᠢᠶ᠎ᠠ ᠨᠠᠮᠢᠶ᠎ᠠ ᠦᠭᠡᠢ ᠬᠠᠶᠠᠳᠠᠭ ᠦᠭᠡᠢ᠃ ᠬᠦᠮᠦᠨ ᠮᠠᠯ ᠤᠨ ᠬᠦᠯ | ᠤᠰᠤ ᠠᠴᠠ ᠵᠠᠶᠢᠳᠠᠭᠤ ᠳᠤᠪᠤ ᠳᠤᠯᠤᠭᠠᠢ ᠶᠢᠨ ᠤᠷᠤᠢ ᠵᠡᠷᠭᠡ ᠦᠨᠳᠦᠷᠯᠢᠭ ᠭᠠᠵᠠᠷ ᠪᠤᠶᠤ ᠳᠠᠷᠠᠰᠦ ᠪᠤᠳᠠ ᠲᠠᠢ | ᠳᠤᠬᠢᠯᠢᠭ ᠰᠠᠶᠢᠬᠠᠨ ᠭᠠᠵᠠᠷ ᠢ ᠰᠤᠩᠭᠤᠨ ᠤᠷᠤᠰᠢᠭᠤᠯᠳᠠᠭ᠃ ᠤᠷᠤᠰᠢᠭᠤᠯᠬᠤ ᠳᠠᠭᠠᠨ ᠰᠠᠬᠦᠯ ᠢ ᠨᠢ ᠤᠭᠳᠤᠯᠤᠨ | ᠳᠤᠯᠤᠭᠠᠢ ᠳᠤᠨᠢ ᠳᠠᠷᠠᠯᠠᠬᠦᠯᠵᠦ᠂ ᠬᠤᠶᠢᠳᠦ ᠵᠦᠭ ᠲᠤ ᠬᠠᠨᠳᠤᠭᠤᠯᠤᠨ ᠳᠠᠯᠪᠢᠳᠠᠭ᠃ ᠳᠠᠷᠠᠴᠢᠯᠠᠨ ᠠᠮᠠᠨ ᠳᠤᠨᠢ | ᠦᠭᠡᠭᠦ ᠳᠤᠰᠤ᠂ ᠴᠠᠭᠠᠨ ᠢᠳᠡᠭᠡ᠂ ᠪᠤᠳᠠᠭ᠎ᠠ ᠳᠠᠷᠢᠶ᠎ᠠ ᠳᠠᠷᠢᠭᠦᠳᠠᠨ ᠢ ᠡᠮᠬᠦᠬᠦᠯᠵᠦ᠂ ︽ᠬᠤᠶᠢᠳᠦ ᠳᠦᠷᠦᠯ ᠳᠡᠭᠡᠨ | ᠬᠦᠮᠦᠨ ᠪᠤᠯᠵᠦ ᠳᠦᠷᠦ︾ ᠭᠡᠵᠦ ᠪᠡᠯᠭᠡᠰᠢᠶᠠᠨ ᠵᠦᠩᠨᠠᠳᠡᠭ᠃ ᠨᠤᠬᠠᠢ ᠶᠢ ᠦᠭᠦᠭᠰᠡᠨ ᠤ ᠳᠠᠷᠠᠭ᠎ᠠ ᠰᠠᠬᠦᠯ ᠢ ᠨᠢ | ᠤᠭᠳᠤᠯᠵᠦ ᠠᠪᠬᠤ ᠦᠭᠡᠢ ︵ᠬᠠᠶᠠᠬᠤ ᠦᠭᠡᠢ︶ ᠪᠤᠯ ᠳᠠᠷᠠᠭ᠎ᠠ ᠳᠦᠷᠦᠯ ᠳᠡᠭᠡᠨ ᠬᠦᠮᠦᠨ ᠪᠤᠯᠵᠦ ᠳᠦᠷᠦᠭᠦ ᠦᠭᠡᠢ᠂ | ᠴᠢᠳᠬᠦᠷ ᠪᠤᠯᠵᠦ ᠳᠦᠷᠦᠨᠡ ᠭᠡᠵᠦ ᠦᠵᠡᠳᠡᠭ᠃ | ᠨᠤᠬᠠᠢ ᠪᠤᠯ ᠮᠤᠩᠭᠤᠯ ᠬᠦᠮᠦᠨ ᠤ ᠰᠠᠶᠢᠨ ᠨᠠᠶᠢᠵᠠ᠂ ᠳᠤᠳᠤᠨᠤ ᠬᠠᠨᠢ᠃ ᠨᠤᠬᠠᠢ ᠳᠠᠵᠢᠭᠡᠭᠦ ᠪᠤᠯ | ᠮᠤᠩᠭᠤᠯᠴᠤᠳ ᠤᠨ ᠠᠮᠢᠳᠤᠷᠠᠯ ᠤᠨ ᠴᠢᠬᠤᠯᠠ ᠨᠢᠭᠡᠨ ᠭᠡᠰᠡᠭ᠃ | ᠮᠤᠷᠢ᠂ ᠨᠤᠬᠠᠢ᠂ ᠡᠷ᠎ᠡ ᠭᠤᠷᠪᠠ ᠪᠤᠯ ᠮᠤᠩᠭᠤᠯ ᠬᠦᠮᠦᠨ ᠤ ᠭᠡᠶᠢᠮᠦᠷᠯᠢᠭ ᠰᠦᠷ︕ ᠮᠤᠩᠭᠤᠯ ᠭᠠᠵᠠᠷ ᠤᠨ | ᠳᠡᠭᠷᠢᠯᠢᠭ ᠳᠤᠭ︕ |