ᠵᠣᠬᠢᠶᠠᠭᠴᠢ᠄ ᠄ᠱ᠊ · ᠨᠠᠴᠤᠭᠳᠤᠷᠵᠢ | | ᠬᠤᠭᠤᠯᠠ ᠪᠤᠳᠠᠭ᠎ᠠ ᠶᠢ ᠤᠴᠦ᠋ᠢᠵᠦ ᠰᠠᠭᠤᠵᠦ ᠪᠤᠤ ᠢᠳᠡ᠂ ︽ᠨᠤᠶᠠᠨ ᠴᠠᠳᠪᠠᠯ ᠭᠡᠳᠡᠶᠢᠨᠠ᠂ ᠨᠤᠬᠠᠢ | ᠴᠠᠳᠪᠠᠯ ᠤᠴᠦ᠋ᠢᠨᠠ︾ ᠭᠡᠳᠡᠭ᠃ | ᠬᠠᠪᠤᠷ ᠤᠨ ᠴᠠᠭ ᠭᠠᠳᠠᠭᠰᠢ ᠭᠠᠷᠴᠤ ᠠᠶᠠᠨ ᠵᠠᠮ ᠭᠦᠭᠡᠭᠡᠭᠦ ᠪᠤᠶᠤ ᠮᠠᠯ ᠤᠨ ᠡᠷᠢᠯ ᠳᠤ ᠶᠠᠪᠤᠬᠤ ᠳᠠᠭᠠᠨ | ᠭᠦᠡᠭᠭᠡᠨ ᠨᠢᠮᠭᠡᠨ ᠬᠤᠪᠴᠠᠰᠤ ᠲᠠᠢ ᠶᠠᠪᠤᠬᠤ ᠶᠢ ᠴᠡᠭᠡᠷᠯᠡ᠃ ︽ᠬᠠᠪᠤᠷ ᠤᠨ ᠲᠡᠭᠷᠢ ᠬᠠᠷᠠᠳᠠᠢ︾ ᠭᠡᠳᠡᠭ᠃ | ᠭᠦᠵᠦᠭᠦᠦ ᠶᠢ ᠵᠤᠴᠢᠨ ᠳᠤ ᠵᠤᠭᠤᠭ ᠪᠤᠯᠭᠠᠨ ᠲᠠᠪᠠᠭᠯᠠᠬᠤ ᠶᠢ ᠴᠡᠭᠡᠷᠯᠡ᠃ ︽ᠭᠦᠮᠦᠨ ᠤ ᠭᠦᠮᠦᠨ ᠳᠤ | ᠭᠦᠴᠦ ᠦᠭᠡᠢ᠂ ᠭᠦᠵᠦᠭᠦᠨ ᠤ ᠮᠢᠬ᠎ᠠ ᠠᠮᠳᠠ ᠦᠭᠡᠢ︾ ᠭᠡᠳᠡᠭ᠃ | ᠴᠢᠮᠦᠭᠡ ᠶᠢ ᠲᠡᠭ ᠭᠤᠤᠯ ᠢᠶᠠᠷ ᠬᠤᠭᠤᠯᠬᠤ ᠶᠢ ᠴᠡᠭᠡᠷᠯᠡ᠃ ︽ᠲᠡᠨᠡᠭ ᠭᠦᠮᠦᠨ ᠲᠡᠭ ᠲᠤᠮᠳᠠᠭᠤᠷ ᠨᠢ︾ | ᠭᠡᠳᠡᠭ᠃ | ᠲᠤᠪᠴᠢ ᠰᠢᠯᠪᠢ ᠦᠭᠡᠢ ᠬᠤᠪᠴᠠᠰᠤ ᠶᠢ ᠪᠤᠰᠤᠳ ᠲᠤ ᠪᠡᠯᠡᠭ ᠪᠤᠯᠭᠠᠨ ᠦᠭᠴᠦ ᠪᠤᠯᠬᠤ ᠦᠭᠡᠢ ︽ᠡᠩᠭᠡᠷ | ᠡᠯᠢᠭᠡ ᠦᠭᠡᠢ ᠭᠦᠮᠦᠨ ᠪᠠᠶᠢᠨ᠎ᠠ︾ ᠭᠡᠵᠦ ᠪᠤᠷᠤᠭᠤᠰᠢᠶᠠᠭᠳᠠᠨᠠ᠃ | ᠪᠤᠰᠤᠳ ᠤᠨ ᠮᠠᠯᠠᠭᠠᠢ ᠶᠢ ᠡᠵᠡᠨ ᠤ ᠬᠢᠨᠢ ᠵᠦᠪᠰᠢᠶᠠᠷᠠᠯ ᠦᠭᠡᠢ ᠪᠠᠷ ᠲᠤᠷ᠎ᠠ ᠮᠡᠳᠡᠨ ᠠᠪᠴᠦ ᠶᠠᠪᠤᠵᠦ ᠪᠤᠯᠬᠤ | ᠦᠭᠡᠢ᠃ ︽ᠲᠤᠯᠤᠭᠠᠢ ᠶᠢ ᠨᠢ ᠠᠪᠤᠪᠠᠴᠤ ᠮᠠᠯᠠᠭᠠᠢ ᠶᠢ ᠨᠢ ᠠᠪᠴᠦ ᠪᠤᠯᠬᠤ ᠦᠭᠡᠢ︾ ᠭᠡᠳᠡᠭ᠃ ᠮᠠᠯᠠᠭᠠᠢ ᠳᠤᠨᠢ | ᠭᠡᠦᠭᠡᠳ ᠭᠠᠷ ᠭᠦᠷᠪᠡᠯ ︽ᠡᠷᠬᠢᠭᠦᠦ ᠭᠡᠦᠭᠡᠳ ᠡᠴᠢᠭᠡ ᠶᠢᠨ ᠢᠶᠠᠨ ᠲᠤᠯᠤᠭᠠᠢ ᠨᠠᠭᠠᠳᠤᠨ᠎ᠠ︾ ᠭᠡᠳᠡᠭ᠃ | ᠮᠠᠯᠠᠭᠠᠢ ᠪᠠᠨ ᠭᠡᠭᠡᠵᠦ ᠤᠷᠬᠢᠭᠰᠠᠳ ᠢ ︽ᠮᠢᠬᠠᠨ ᠤᠪᠤᠭ᠎ᠠ ᠮᠠᠯᠠᠭᠠᠢ ᠶᠢᠨ ᠲᠠᠯᠪᠢᠭᠤᠷ︾ ᠭᠡᠳᠡᠭ᠃ |