︽ᠡᠵᠡᠨ᠎ᠠ︾ ᠨᠡᠷ᠎ᠠ ᠶᠢᠨ ᠡᠭᠦᠰᠤᠯ ᠭᠠᠷᠤᠯ
ᠨᠡᠶᠢᠲᠡᠯᠡᠭᠰᠡᠨ ᠴᠠᠭ᠄
2020/5/6
     ᠨᠢᠭᠡ᠂ ᠡᠵᠠᠨ᠎ᠠ ᠲᠤᠷᠭᠤᠤᠨ ᠪᠤᠯ ᠠᠩᠬᠠᠨ ᠳᠠᠭᠠᠨ ᠤᠷᠤᠰ ᠤᠨ ᠢᠵᠢᠯ ᠮᠦᠷᠠᠨ ᠠᠴᠠ ᠢᠷᠡᠭᠰᠠᠨ ᠤᠴᠢᠷ ︽ᠢᠵᠢᠯ ᠮᠦᠷᠠᠨ︾᠎ ᠤ ︽ᠢᠵᠢᠯ︾᠎ ᠤᠨ ︽‍ᠯ︾᠎ ᠨᠢ ︽‍ᠨ᠎ᠠ︾ ᠪᠤᠯᠵᠤ ᠬᠤᠪᠢᠷᠠᠭᠠᠤᠨ ᠡᠵᠠᠨ᠎ᠠ ᠪᠤᠯᠵᠤ ᠭᠡᠬᠦ᠃ ᠬᠤᠶᠠᠷ᠂ ︽ᠡᠴᠢᠨ᠎ᠠ ᠲᠠᠯᠳᠠ︾᠎ ᠶᠢᠨ ︽ᠡᠴᠢᠨ᠎ᠠ︾ ᠭᠡᠳᠡᠭ ᠦᠭᠡ ᠠᠴᠠ ᠬᠤᠪᠢᠷᠠᠵᠤ ᠢᠷᠡᠭᠰᠠᠨ ᠭᠡᠬᠦ᠃ ᠭᠤᠷᠪᠠ᠂ ︽ᠡᠵᠠᠨ ᠤ ︵ᠲᠠᠷᠤᠢ ᠡᠵᠠᠨ ᠬᠠᠭᠠᠨ ᠤ︶︾ ᠭᠡᠰᠠᠨ ᠦᠭᠡ ᠠᠴᠠ ᠬᠤᠪᠢᠷᠠᠵᠤ ᠢᠷᠡᠭᠰᠠᠨ ᠭᠡᠬᠦ᠃ ᠲᠦᠷᠪᠠ᠂ ︽ᠢᠵᠠᠨᠠᠢ︾᠂ ︽ᠢᠵᠢᠨᠠᠢ︾ ᠭᠡᠰᠠᠨ ᠦᠭᠡ ᠠᠴᠠ ᠬᠤᠪᠢᠷᠠᠭᠠᠤᠨ ᠤᠳᠤ ᠶᠢᠨ ︽ᠡᠵᠠᠨ᠎ᠠ︾ ᠪᠤᠯᠤᠭᠰᠠᠨ ᠭᠡᠬᠦ᠃ ᠤᠳᠤᠬᠢ ᠤᠯᠠᠩᠬᠢ ᠡᠷᠳᠠᠮᠳᠠᠨ ᠬᠢᠭᠡᠤᠨ ᠲᠠᠤᠭᠡ ᠰᠤᠨᠢᠷᠬᠠᠭᠴᠢᠤᠨ ᠲᠦᠷᠪᠠᠳᠤᠭᠡᠷ ᠰᠠᠨᠠᠯ ᠢ ᠵᠦᠪᠰᠢᠶᠠᠷᠠᠵᠤ ᠪᠠᠶᠢᠨ᠎ᠠ᠃ ᠪᠠᠷᠠᠭᠤᠨ ᠰᠢᠶᠠ ᠤᠯᠤᠰ ᠤᠨ ᠲᠠᠤᠭᠡ ᠰᠤᠳᠤᠯᠤᠭᠴᠢ ᠴᠧᠨ ᠪᠢᠡᠭ ᠶᠢᠩ ᠠᠪᠤᠭᠠᠢ ︽ᠪᠠᠷᠠᠭᠤᠨ ᠰᠢᠶᠠ ᠤᠯᠤᠰ ᠤᠨ ᠲᠠᠤᠭᠡ ᠶᠢᠨ ᠲᠤᠷᠠᠰᠬᠠᠯᠳᠤ ᠵᠦᠢᠯᠠᠰ ᠤᠨ ᠰᠤᠳᠤᠯᠤᠯ︾ ᠭᠡᠬᠦ ᠨᠤᠮ ᠳᠠᠭᠠᠨ ︽ᠡᠵᠠᠨ᠎ᠠ︾ ᠭᠡᠰᠠᠨ ᠦᠭᠡ ᠶᠢ ᠨᠠᠷᠢᠯᠢᠭ ᠲᠠᠶᠢᠯᠪᠤᠷᠢᠯᠠᠭᠰᠠᠨ ᠪᠠᠶᠢᠳᠠᠭ᠃ ᠲᠠᠷᠨ ︽᠁ ︿ᠢᠵᠢᠨᠠᠢ﹀ ᠭᠡᠳᠡᠭ ᠪᠤᠯ ᠪᠠᠷᠠᠭᠤᠨ ᠰᠢᠶᠠ ᠤᠯᠤᠰ ᠤᠨ ᠭᠤᠤᠯ ᠪᠦᠷᠢᠯᠳᠤᠬᠦᠨ ᠪᠤᠯᠬᠤ ᠳ᠋ᠠᠩᠰᠢᠶᠠᠩ ᠦᠡᠳᠤᠰᠤᠳᠠᠨ ᠤ ︿ᠬᠠᠷ᠎ᠠ ᠤᠰᠤ﹀ ᠭᠡᠰᠠᠨ ᠦᠭᠡᠨ ᠤ ᠠᠪᠢᠶᠠᠴᠢᠯᠠᠭᠰᠠᠨ ᠤᠷᠴᠢᠭᠤᠯᠭ᠎ᠠ — ︿ᠤᠰᠤ﹀᠎ ᠶᠢ ︿ᠢᠵᠠ﹀ ᠭᠡᠵᠤ᠂ ︿ᠬᠠᠷ᠎ᠠ﹀᠎ ᠶᠢ ︿ᠨᠠᠢ﹀ ᠭᠡᠳᠡᠭ᠂ ᠳ᠋ᠠᠩᠰᠢᠶᠠᠩ ᠭᠡᠯᠨᠨ ᠳᠤ ᠲᠠᠮᠳᠡᠭ ᠦᠭᠡ ᠶᠢ ᠶᠠᠷᠤ ᠳᠤ ᠪᠠᠨ ᠨᠠᠷ᠎ᠠ ᠦᠭᠡ ᠶᠢᠨ ᠬᠤᠶᠢᠨ᠎ᠠ ᠭᠡᠷᠡᠭᠯᠠᠳᠡᠭ᠂ ︿ᠬᠠᠷ᠎ᠠ ᠤᠰᠤ﹀ ᠭᠡᠰᠠᠨ ᠢ ︿ᠤᠰᠤ ᠬᠠᠷ᠎ᠠ﹀ ᠭᠡᠵᠤ ᠤᠡᠭᠰᠢᠳᠠᠭ᠂ ︿ᠢᠵᠠᠨᠠᠢ﹀ ᠭᠡᠰᠠᠨ ᠦᠭᠡ ᠨᠢ ︿ᠢᠵᠢᠨᠠᠢ﹀ ᠭᠡᠰᠠᠨ ᠦᠭᠡ ᠲᠠᠢ ᠲᠠᠭᠤᠳᠠᠯᠭ᠎ᠠ ᠤᠶᠢᠷᠠᠯᠴᠠᠭ᠎ᠠ ᠶᠤᠮ ᠁︾ ᠭᠡᠮᠠᠨ ᠲᠠᠮᠳᠡᠭᠯᠡᠭᠰᠠᠨ ᠪᠠᠶᠢᠳᠠᠭ᠃ ᠲᠠᠭᠡᠪᠠᠯ ᠲᠤᠰ ᠭᠠᠵᠠᠷ ᠲᠤ ᠶᠠᠭᠤᠨ ᠤ ᠤᠴᠢᠷ ᠠᠴᠠ ︽ᠡᠵᠠᠨ᠎ᠠ︾ ᠭᠡᠰᠠᠨ ᠨᠠᠷ᠎ᠠ ᠬᠠᠳᠠᠭᠳᠠᠭᠰᠠᠨ ᠪᠤᠢ︖ ᠭᠡᠪᠠᠯ᠄ ᠡᠵᠠᠨ᠎ᠠ ᠭᠤᠤᠯ ᠭᠡᠰᠠᠨ ᠭᠤᠤᠯ ᠤᠨ ᠨᠠᠷ᠎ᠠ ᠠᠴᠠ ᠢᠷᠠᠯᠳᠠ ᠲᠠᠢ ᠶᠤᠮ᠃ ᠡᠵᠠᠨ᠎ᠠ ᠭᠤᠤᠯ ᠪᠤᠯ ᠴᠢ ᠯᠢᠶᠠᠨ ᠱᠠᠨ ᠠᠭᠤᠯᠨᠨ ᠤ ᠬᠤᠶᠢᠳᠤ ᠬᠤᠷᠮᠤᠢ ᠠᠴᠠ ᠡᠬᠢ ᠠᠪᠴᠤ ᠤᠷᠤᠰᠤᠭᠰᠠᠨ ᠬᠠᠷ᠎ᠠ ᠭᠤᠤᠯ ᠤᠨ ᠲᠤᠤᠷᠠᠳᠤ ᠤᠷᠤᠰᠬᠠᠯ ᠨᠢ ᠪᠤᠯᠬᠤ ᠶᠤᠮ᠃ ᠪᠠᠷᠠᠭᠤᠨ ᠰᠢᠶᠠ ᠤᠯᠤᠰ ᠤᠨ ᠦᠶ᠎ᠠ ᠳᠤ ᠲᠤᠰ ᠭᠠᠵᠠᠷ ᠤᠷᠤᠨ ᠢ ︽ᠬᠠᠷ᠎ᠠ ᠭᠤᠤᠯ ᠤᠨ ᠭᠠᠵᠠᠷ ᠤᠷᠤᠨ︾ ᠭᠡᠵᠤ ᠪᠠᠶᠢᠵᠠᠢ᠃ ᠶᠤᠸᠠᠨ ᠤᠯᠤᠰ ᠤᠨ ᠦᠶ᠎ᠠ ᠳᠤ ᠲᠤᠰ ᠭᠠᠵᠠᠷ ᠤᠷᠤᠨ ᠢ ︽ᠢᠵᠢᠨᠠᠢ ᠴᠦᠯᠭᠡ︾᠎ ᠳᠤ ᠵᠠᠬᠢᠷᠤᠭᠤᠯᠵᠤ᠂ ᠮᠦᠨ ᠤᠳᠤᠬᠢ ᠬᠠᠷ᠎ᠠ ᠬᠤᠳᠠ ᠳᠤ ︽ᠢᠵᠢᠨᠠᠢ ᠴᠦᠯᠭᠡ ᠶᠢᠨ ᠶᠠᠷᠤᠩᠭᠡᠶᠢᠯᠡᠭᠰᠠᠨ ᠵᠠᠬᠢᠷᠬᠤ ᠹᠥ᠋︾ ᠭᠡᠮᠡᠭᠴᠢ ᠴᠡᠷᠢᠭ ᠵᠠᠰᠠᠭ ᠤᠨ ᠪᠠᠶᠢᠭᠤᠯᠤᠮᠵᠢ ᠶᠢ ᠪᠠᠶᠢᠭᠤᠯᠵᠠᠢ᠃ ᠲᠠᠭᠡᠭᠡᠤᠨ ᠬᠠᠷ᠎ᠠ ᠬᠤᠳᠠ ᠶᠢ ᠪᠠᠷᠠᠭᠤᠨ ᠰᠢᠶᠠ ᠤᠯᠤᠰ ᠤᠨ ᠦᠶ᠎ᠠ ᠳᠤ ᠬᠢ ᠬᠤᠳᠠ ᠶᠢᠨ ᠰᠠᠭᠤᠷᠢᠨ ᠲᠠᠭᠡᠷ᠎ᠠ ᠦᠷᠭᠡᠤᠠᠭᠡᠵᠤ ᠪᠠᠷᠢᠭᠰᠠᠨ ᠭᠡᠳᠡᠭ᠃ ᠲᠤᠬᠠᠢ ᠶᠢᠨ ᠦᠶ᠎ᠠ ᠳᠤ ᠬᠠᠷ᠎ᠠ ᠬᠤᠳᠠ ᠶᠢᠨ ᠬᠤᠶᠢᠭᠤᠷ ᠡᠵᠠᠨ᠎ᠠ ᠭᠤᠤᠯ ︵ᠲᠠᠷᠤᠢ ᠬᠠᠷ᠎ᠠ ᠭᠤᠤᠯ︶ ᠤᠷᠤᠰᠴᠤ ᠪᠠᠶᠢᠭᠰᠠᠨ ᠤᠴᠢᠷ ᠭᠤᠤᠯ ᠤᠨ ᠬᠦᠪᠡᠭᠡᠨ ᠳᠤ ᠪᠠᠶᠢᠭᠤᠯᠤᠭᠰᠠᠨ ᠬᠤᠳᠠ ᠶᠢ ᠴᠤ ︽ᠬᠠᠷ᠎ᠠ ᠤᠰᠤᠨ ᠬᠤᠳᠠ︾ ︵ᠲᠦᠬᠦᠮᠴᠢᠯᠠᠭᠡᠤᠨ ᠬᠠᠷ᠎ᠠ ᠬᠤᠳᠠ ᠭᠡᠳᠡᠭ︶ ᠭᠡᠵᠤ ᠨᠠᠷᠠᠯᠠᠵᠤ ᠪᠠᠶᠢᠵᠠᠢ᠃ ᠮᠢᠩ᠂ ᠴᠢᠩ ᠬᠤᠶᠠᠷ ᠲᠦᠷᠤ ᠶᠢᠨ ᠦᠶ᠎ᠠ ᠳᠤ᠂ ᠲᠤᠰ ᠭᠠᠵᠠᠷ ᠤᠷᠤᠨ ᠢ ᠮᠦᠨ ︽ᠡᠵᠠᠨ᠎ᠠ︾ ᠭᠡᠮᠠᠨ ᠨᠠᠷᠠᠯᠠᠵᠤ᠂ ᠴᠢᠩ ᠤᠯᠤᠰ ᠤᠨ ᠦᠶ᠎ᠠ ᠳᠤ ᠡᠵᠠᠨ᠎ᠠ ᠳᠤ ᠢᠷᠡᠭᠰᠠᠨ ᠬᠠᠭᠤᠴᠢᠨ ᠲᠤᠷᠭᠤᠤᠨ ᠢ ᠵᠠᠩᠰᠢᠯ ᠢᠶᠠᠷ ︽ᠡᠵᠠᠨ᠎ᠠ ᠶᠢᠨ ᠬᠠᠭᠤᠴᠢᠨ ᠲᠤᠷᠭᠤᠤᠨ︾ ᠭᠡᠮᠠᠨ ᠲᠠᠭᠤᠳᠠᠵᠤ᠂ ᠵᠠᠷᠢᠮ ᠲᠠᠤᠭᠡᠨ ᠨᠤᠮ ᠰᠤᠳᠤᠷ ᠲᠤ ︽ᠡᠵᠠᠨ᠎ᠠ ᠲᠤᠷᠭᠤᠤᠨ ᠠᠶᠢᠮᠠᠭ︾ ᠭᠡᠵᠤ ᠲᠠᠮᠳᠡᠭᠯᠡᠭᠰᠠᠭᠡᠷ ᠢᠷᠡᠭᠰᠠᠨ ᠪᠤᠯᠪᠠᠴᠤ ︽ᠡᠵᠠᠨ᠎ᠠ︾ ᠭᠡᠰᠠᠨ ᠦᠭᠡ ᠶᠢ ᠵᠢᠩᠬᠢᠨᠢ ᠬᠤᠰᠢᠭᠤᠨ ᠤ ᠪᠠᠨ ᠨᠠᠷ᠎ᠠ ᠪᠤᠯᠭᠠᠨ ᠵᠠᠰᠠᠭ ᠲᠠᠮᠠᠭᠠᠨ ᠳᠤ ᠭᠡᠷᠡᠭᠯᠠᠵᠤ ᠡᠬᠢᠯᠡᠭᠰᠠᠨ ᠦᠶ᠎ᠠ ᠨᠢ ᠨᠠᠯᠢᠶᠠᠤᠨ ᠤᠷᠤᠢ ᠶᠤᠮ᠃ ᠲᠤᠬᠠᠶᠢᠯᠠᠪᠠᠯ ᠢᠷᠭᠡᠨ ᠤᠯᠤᠰ ᠤᠨ ᠬᠤᠷᠢᠨ ᠲᠠᠪᠤᠳᠤᠭᠠᠷ ᠤᠨ ︵1936 ᠤᠨ︶ ᠎ ᠠᠴᠠ ᠡᠬᠢᠯᠠᠨ ᠡᠵᠠᠨ᠎ᠠ ᠬᠤᠰᠢᠭᠤ ᠭᠡᠮᠠᠨ ᠨᠠᠷᠠᠯᠡᠭᠳᠠᠭᠡᠤᠨ ᠡᠳᠤᠭᠡ ᠪᠤᠯᠵᠤ ᠪᠠᠶᠢᠭ᠎ᠠ᠃ ᠪᠠᠷᠤᠭᠴᠠᠭᠠᠯᠠᠪᠠᠯ᠄ 1. ︽ᠡᠵᠠᠨ᠎ᠠ︾ ᠭᠡᠰᠠᠨ ᠦᠭᠡ ᠪᠤᠯ ᠪᠠᠷᠠᠭᠤᠨ ᠰᠢᠶᠠ ᠤᠯᠤᠰ ᠤᠨ ᠳ᠋ᠠᠩᠰᠢᠶᠠᠩ ᠦᠡᠳᠤᠰᠤᠳᠠᠨ ᠤ ᠦᠭᠡ᠂ ︽ᠬᠠᠷ᠎ᠠ ᠤᠰᠤ︾ ᠭᠡᠰᠠᠨ ᠤᠤᠠᠬ᠎ᠠ ᠲᠠᠢ᠃ 2. ︽ᠡᠵᠠᠨ᠎ᠠ ᠭᠤᠤᠯ︾ ᠭᠡᠰᠠᠨ ᠭᠤᠤᠯ ᠤᠨ ᠨᠠᠷ᠎ᠠ ᠪᠠᠶᠢᠭᠰᠠᠨ ᠠᠴᠠ ᠪᠠᠨ ᠲᠤᠰ ᠭᠠᠵᠠᠷ ᠤᠷᠤᠨ ᠤ ᠨᠠᠷ᠎ᠠ ᠪᠤᠯᠵᠤ ᠬᠤᠪᠢᠷᠠᠵᠠᠢ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号