ᠡᠪᠡᠰᠦ ᠤᠷᠭᠤᠮᠠᠯ᠂ ᠨᠤᠲᠤᠭ ᠪᠡᠯᠴᠢᠭᠡᠷ ᠲᠠᠢ ᠬᠤᠯᠪᠤᠭᠳᠠᠬᠤ ᠴᠡᠭᠡᠷ ᠶᠤᠰᠤᠨ
ᠨᠡᠶᠢᠲᠡᠯᠡᠭᠰᠡᠨ ᠴᠠᠭ᠄
2021/1/26
     △ ᠨᠤᠲᠤᠭ ᠪᠡᠯᠴᠢᠭᠡᠷ ᠢ ᠨᠦᠬᠡᠯᠡᠬᠦ᠂ ᠡᠪᠳᠡᠬᠦ ᠶᠢ ᠴᠡᠭᠡᠷᠯᠡᠨ᠎ᠡ᠃ ᠮᠤᠷᠢ ᠠᠷᠭᠠᠮᠵᠢᠬᠤ᠂ ᠵᠡᠯ᠎ᠡ ᠲᠠᠲᠠᠬᠤ ᠮᠡᠲᠦ ᠶᠢᠨ ᠠᠵᠢᠯ ᠦᠢᠯᠡ ᠶᠢᠨ ᠬᠡᠷᠡᠭᠴᠡᠭᠡ ᠪᠠᠷ ᠭᠠᠵᠠᠷ ᠳᠡᠭᠡᠷ᠎ᠡ ᠭᠠᠳᠠᠰᠤ ᠰᠢᠭᠠᠵᠤ ᠪᠣᠯᠳᠠᠭ ᠪᠣᠯᠪᠠᠴᠤ ᠬᠡᠷᠡᠭᠯᠡᠵᠦ ᠳᠠᠭᠤᠰᠪᠠᠯ ᠨᠦᠬᠡ ᠶᠢ ᠨᠢ ᠵᠠᠪᠠᠯ ᠪᠦᠭᠯᠡᠵᠦ ᠲᠠᠯᠪᠢᠨ᠎ᠠ᠃      △ ᠮᠠᠯ ᠤᠨ ᠪᠡᠯᠴᠢᠭᠡᠷ ᠲᠤ ᠮᠠᠯ ᠤᠨ ᠦᠬᠦᠳᠡᠯ ᠪᠣᠶᠣ ᠬᠦᠮᠦᠨ ᠤ ᠬᠡᠭᠦᠷ ᠢ ᠳᠤᠷ᠎ᠠ ᠪᠠᠷ ᠬᠠᠶᠠᠬᠤ ᠶᠢ ᠴᠡᠭᠡᠷᠯᠡᠨ᠎ᠡ᠃ ᠪᠡᠯᠴᠢᠭᠡᠷ ᠤᠰᠤᠨ ᠤ ᠳᠡᠷᠭᠡᠲᠡ ᠡᠯᠳᠡᠪ ᠮᠠᠭᠤᠬᠠᠢ ᠤᠷᠠᠩᠬᠠᠢ ᠪᠠ ᠭᠬᠢᠷ ᠴᠢᠰᠤ ᠲᠠᠢ ᠬᠤᠪᠴᠠᠰᠤ ᠬᠤᠨᠠᠷ ᠬᠠᠶᠠᠬᠤ ᠶᠢ ᠴᠡᠭᠡᠷᠯᠡᠨ᠎ᠡ᠃ ᠨᠤᠲᠤᠭ ᠪᠡᠯᠴᠢᠭᠡᠷ ᠢ ᠪᠤᠵᠠᠷᠯᠠᠨ᠎ᠠ ᠭᠡᠳᠡᠭ᠃      △ ᠡᠪᠡᠰᠦ ᠨᠤᠭᠤᠭ᠎ᠠ ᠲᠠᠰᠤᠯᠬᠤ ᠶᠢ ᠴᠡᠭᠡᠷᠯᠡᠨ᠎ᠡ᠃ ᠤᠬᠤᠷ ᠨᠠᠰᠤᠯᠠᠨ᠎ᠠ ᠭᠡᠳᠡᠭ᠃ △ ᠭᠠᠯ ᠠᠯᠳᠠᠵᠤ ᠪᠡᠯᠴᠢᠭᠡᠷ ᠲᠦᠢᠮᠡᠷᠳᠡᠬᠦ ᠶᠢ ᠡᠷᠡᠰ ᠴᠡᠭᠡᠷᠯᠡᠨ᠎ᠡ᠃      △ ᠡᠪᠡᠰᠦ ᠨᠤᠭᠤᠭ᠎ᠠ᠂ ᠴᠡᠴᠡᠭ ᠬᠤᠸᠠᠷ ᠢ ᠰᠠᠨᠠᠭᠠᠨ ᠤ ᠲᠠᠪᠠ ᠪᠠᠷ ᠦᠭᠲᠡᠭᠡᠨ ᠵᠤᠯᠭᠠᠭᠠᠬᠤ᠂ ᠬᠠᠭᠤᠷᠠᠢ ᠬᠠᠭᠳᠠ ᠶᠢ ᠬᠠᠮᠤᠨ ᠠᠪᠬᠤ᠂ ᠲᠦᠯᠡᠰᠢ ᠰᠢᠲᠠᠭᠠᠯᠭ᠎ᠠ ᠬᠢᠬᠦ ᠵᠡᠷᠭᠡ ᠶᠢ ᠴᠡᠭᠡᠷᠯᠡᠳᠡᠭ᠃      △ ᠠᠷᠴᠠ ᠽᠠᠨᠳᠠᠨ ᠢ ᠪᠣᠵᠠᠷᠯᠠᠬᠤ ᠶᠢ ᠴᠢᠩᠭ᠎ᠠ ᠴᠡᠭᠡᠷᠯᠡᠳᠡᠭ᠃ ᠠᠷᠴᠠ ᠽᠠᠨᠳᠠᠨ ᠢ ᠪᠣᠵᠠᠷ ᠮᠠᠭᠤᠬᠠᠢ ᠶᠢ ᠠᠷᠢᠭᠤᠯᠠᠬᠤ᠂ ᠴᠢᠳᠭᠦᠷ ᠰᠢᠮᠨᠤᠰ ᠢ ᠳᠠᠷᠤᠬᠤ ᠷᠢᠳᠢ ᠰᠢᠳᠢ ᠲᠠᠢ ᠠᠷᠢᠭᠤᠨ ᠤᠷᠭᠤᠮᠠᠯ ᠭᠡᠵᠦ ᠠᠯᠢᠪᠠ ᠶᠠᠭᠤᠮᠠᠰ ᠢ ᠠᠷᠢᠭᠤᠳᠬᠠᠬᠤ ᠳᠤ ᠬᠡᠷᠡᠭᠯᠡᠳᠡᠭ ᠤᠨ ᠤᠴᠢᠷ ᠪᠢᠯᠡ᠃      △ ᠨᠢᠯᠬ᠎ᠠ ᠨᠤᠭᠤᠭ᠎ᠠ᠂ ᠴᠡᠴᠡᠭ ᠨᠠᠪᠴᠢ ᠶᠢ ᠵᠤᠯᠭᠠᠭᠠᠬᠤ ᠶᠢ ᠴᠡᠭᠡᠷᠯᠡᠳᠡᠭ᠃      ︵ᠢᠷᠡᠯᠲᠡ᠄ ᠠ᠊ · ᠳᠡᠯᠭᠡᠷᠴᠡᠴᠡᠭ ᠤᠨ ᠨᠠᠶᠢᠷᠠᠭᠤᠯᠤᠭᠰᠠᠨ ︽ᠮᠣᠩᠭᠤᠯ ᠤᠯᠠᠮᠵᠢᠯᠠᠯᠲᠤ ᠶᠤᠰᠤ ᠵᠠᠩᠰᠢᠯ ︵ᠴᠡᠭᠡᠷᠯᠡᠯ ᠪᠠ ᠪᠡᠯᠭᠡᠳᠡᠯ︶︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号