ᠴᠠᠭᠠᠨ ᠬᠦᠵᠦᠭᠦᠲᠦ ᠲᠤᠭᠤᠷᠤᠤ
ᠨᠡᠶᠢᠲᠡᠯᠡᠭᠰᠡᠨ ᠴᠠᠭ᠄
2021/11/12
     ᠴᠠᠭᠠᠨ ᠬᠦᠵᠦᠭᠦᠲᠦ ᠲᠤᠭᠤᠷᠤᠤ ᠶᠢ ᠬᠦᠵᠦᠭᠦᠨ ᠤ ᠬᠡᠰᠡᠭ ᠤᠨ ᠣᠨᠴᠠᠯᠢᠭ ᠢᠶᠠᠷ ᠨᠢ ︽ᠴᠡᠯᠮᠡᠨ ᠬᠦᠵᠦᠭᠦᠲᠦ ᠲᠤᠭᠤᠷᠤᠤ︾ ᠭᠡᠳᠡᠭ᠃ ᠴᠠᠭᠠᠨ ᠬᠦᠵᠦᠭᠦᠲᠤ ᠲᠤᠭᠤᠷᠤᠤ ᠶᠢᠨ ᠲᠤᠯᠤᠭᠠᠢ ᠶᠢᠨ ᠬᠡᠰᠡᠭ ᠤᠨ ᠦᠳᠦ ᠨᠢ ᠭᠦᠯᠢᠭᠡᠷ ᠬᠠᠷ᠎ᠠ᠂ ᠬᠦᠵᠦᠬᠦᠨ ᠤ ᠬᠡᠰᠡᠭ᠂ ᠰᠡᠬᠦᠯ ᠤᠨ ᠬᠡᠰᠡᠭ ᠪᠤᠯᠤᠨ ᠭᠡᠳᠡᠰᠦᠨ ᠤ ᠬᠡᠰᠡᠭ ᠤᠨ ᠥᠲᠥ ᠨᠢ ᠴᠠᠭᠠᠨ ᠦᠩᠬᠡ ᠎ ᠲᠠᠢ᠃ ᠪᠡᠶ᠎ᠡ ᠶᠢᠨ ᠬᠡᠰᠡᠭ ᠨᠢ ᠬᠦᠨ ᠨᠤᠭᠤᠭᠠᠨ ᠦᠩᠬᠡ ᠲᠠᠢ ᠮᠥᠷᠲᠡᠭᠡᠨ ᠪᠣᠷᠣ ᠦᠩᠭᠡᠲᠤ ᠦᠳᠦᠨ ᠪᠦᠭᠡᠮ ᠲᠠᠢ᠃ ᠴᠡᠩᠭᠡᠭ ᠨᠠᠭᠤᠷ ᠴᠥᠭᠦᠷᠥᠮ᠂ ᠭᠤᠣᠯ ᠮᠥᠷᠡᠨ᠂ ᠨᠠᠮᠤᠭ ᠭᠠᠵᠠᠷ᠂ ᠨᠤᠭᠤ ᠭᠠᠵᠠᠷ ᠲᠤ ᠨᠤᠲᠤᠭᠰᠢᠨ᠎ᠠ᠃      ᠠᠹᠷᠢᠺᠠ ᠲᠢᠪ ᠪᠠ ᠠᠽᠢᠶ᠎ᠠ ᠲᠢᠪ ᠤᠨ ᠵᠡᠭᠦᠨ ᠡᠮᠦᠨᠡᠲᠦ ᠬᠡᠰᠡᠭ ᠢᠶᠠᠷ ᠪᠠᠰᠠ ᠲᠠᠷᠬᠠᠵᠤ᠂ ᠠᠽᠢᠶ᠎ᠠ ᠲᠢᠪ ᠲᠤ ᠡᠨᠡᠳᠬᠡᠭ᠂ ᠪᠧᠩᠭᠠᠯ ᠤᠯᠤᠰ᠂ ᠫᠠᠺᠢᠰᠲ᠋ᠠᠨ᠂ ᠰᠷᠢ ᠯᠠᠨᠺᠠ᠂ ᠪᠢᠷᠮᠠ᠂ ᠲᠠᠢ ᠤᠯᠤᠰ᠂ ᠸᠢᠶᠧᠲᠨᠠᠮ᠂ ᠮᠠᠯᠠᠶᠢᠰᠢᠶ᠎ᠠ᠂ ᠢᠨᠳᠣᠨᠧᠰᠢᠶ᠎ᠠ ᠪᠠ ᠹᠢᠯᠢᠫᠢᠨ ᠵᠡᠷᠭᠡ ᠭᠠᠵᠠᠷ ᠲᠤ ᠤᠷᠤᠩᠨᠠᠨ ᠠᠮᠢᠳᠤᠷᠠᠵᠤ ᠪᠠᠶᠢᠨ᠎ᠠ᠃ ᠳᠤᠮᠳᠠᠳᠤ ᠤᠯᠤᠰ ᠲᠤ ᠵᠥᠪᠬᠡᠨ ᠶᠦᠨᠨᠠᠨ ᠳᠤ ᠨᠤᠲᠤᠭᠰᠢᠵᠤ ᠪᠠᠶᠢᠭᠰᠠᠨ ᠲᠡᠮᠳᠡᠭᠯᠡᠯ ᠪᠠᠶᠢᠨ᠎ᠠ᠃   ᠳᠦᠷᠰᠦ ᠶᠢᠨ ᠰᠦᠷᠦᠭ ᠤᠨ ᠲᠤᠭ᠎ᠠ ᠬᠡᠮᠵᠢᠶ᠎ᠡ ᠶᠢ ᠪᠠᠷᠤᠭᠴᠠᠭᠠᠯᠠᠪᠠᠯ 1.2 ᠲᠦᠮᠡ ᠠᠴᠠ 14 ᠲᠦᠮᠡ ᠳᠤ ᠬᠦᠷᠴᠤ ᠪᠠᠶᠢᠨ᠎ᠠ᠃  
     ᠴᠠᠭᠠᠨ ᠬᠦᠵᠦᠭᠦᠲᠦ ᠲᠤᠭᠤᠷᠤᠤ ᠬᠥᠮᠦᠨ ᠠᠴᠠ ᠮᠠᠰᠢ ᠠᠶᠤᠳᠠᠭ᠂ ᠦᠷᠭᠦᠯᠵᠢ ᠭᠠᠭᠴᠠᠭᠠᠷ ᠢᠶᠠᠨ ᠪᠤᠶᠤ  ᠴᠦᠬᠡᠨ ᠲᠤᠭ᠎ᠠ ᠪᠠᠷ ᠴᠢᠭᠢᠭᠯᠢᠭ ᠭᠠᠵᠠᠷ ᠤᠷᠤᠩᠨᠠᠨ ᠠᠮᠢᠳᠤᠷᠠᠳᠠᠭ᠃      
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠢ ᠰᠢᠭᠤᠢ ᠪᠠ ᠨᠤᠳᠤᠭ ᠪᠡᠯᠴᠢᠭᠡᠷ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号