ᠴᠢᠩᠬᠢᠰ ᠬᠠᠭᠠᠨ ᠤ ᠲᠡᠬᠦᠦ ᠵᠦᠴᠢ ᠬᠠᠰᠠᠷ ᠤᠨ ᠭᠤᠷᠪᠠᠳᠤᠭᠠᠷ ᠬᠦᠪᠡᠬᠦᠨ ᠶᠢᠰᠦᠩᠭᠡ ᠶᠢᠨ ᠰᠠᠭᠤᠭᠰᠠᠨ | ᠪᠠᠬᠢᠯᠡᠯᠳᠡ ᠬᠤᠳᠠ ᠮᠦᠨ᠃ ᠲᠡᠭᠦᠨ ᠢ ᠪᠠᠰᠠ ᠡᠷᠲᠡᠨ ᠤ ᠺᠢᠷᠺᠢᠯ ᠬᠤᠳᠠ ᠬᠡᠬᠦ ᠪᠤᠶᠤ ᠶᠢᠰᠦᠩᠭᠡ ᠶᠢᠨ ᠤᠷᠳᠦᠨ | ᠭᠡᠳᠡᠭ᠃ ᠲᠤᠮᠳᠠᠳᠤ ᠤᠷᠤᠰ ᠤᠨ ᠬᠢᠯᠢ ᠶᠢᠨ ᠵᠠᠭᠠᠭ ᠪᠤᠯᠬᠤ ᠡᠷᠬᠦᠨ᠎ᠡ ᠭᠤᠤᠯ ᠤᠨ ᠪᠠᠷᠠᠭᠤᠨ ᠡᠷᠭᠢ ᠶᠢᠨ | ᠤᠷᠤᠰ ᠤᠨ ᠬᠢᠯᠢ ᠳᠤ ᠪᠤᠢ᠃ ᠤᠳᠤ ᠴᠢᠲ᠋ᠠ ᠵᠧᠦ ᠶᠢᠨ ᠪᠠᠶᠢᠭᠠᠯ ᠲᠤᠭᠤᠷᠢᠭ ᠤᠨ ᠺᠢᠪᠧᠯᠢᠶ᠋ᠸᠧ ᠲᠤᠰᠬᠤᠨ ᠤ | ᠭᠤᠤᠯ ᠤᠨ ᠬᠦᠪᠡᠭᠡᠨ ᠤ ᠬᠦᠲᠦᠯ ᠲᠡᠭᠡᠷ᠎ᠡ ᠪᠤᠢ᠃ ᠦᠨᠳᠦᠷ ᠨᠢ 2.5 ᠮᠧᠲᠷ᠂ ᠦᠷᠭᠡᠨ ᠨᠢ 1.5 ᠮᠧᠲᠷ᠃ | ᠬᠡᠷᠡᠮ ᠤᠨ ᠰᠠᠭᠤᠷᠢ ᠨᠢ ᠵᠡᠭᠦᠨᠰᠢ ᠪᠠᠷᠠᠭᠤᠨᠰᠢ 100 ᠮᠧᠲᠷ᠂ ᠡᠮᠦᠨᠡᠰᠢ ᠬᠤᠶᠢᠰᠢ ᠪᠠᠨ 110 ᠮᠧᠲᠷ᠃ | ᠲᠦᠷᠪᠡᠯᠵᠢᠨ ᠬᠡᠯᠪᠡᠷᠢ ᠲᠠᠢ᠃ ᠬᠦᠷᠢᠶ᠎ᠡ ᠬᠡᠷᠡᠮ ᠤᠨ ᠵᠡᠬᠦᠨ᠂ ᠪᠠᠷᠠᠭᠤᠨ᠂ ᠡᠮᠦᠨ᠎ᠡ ᠭᠤᠷᠪᠠᠨ ᠲᠠᠯ᠎ᠠ ᠪᠠᠷ ᠨᠢ | ᠤᠨᠠᠭᠤᠯᠢ ᠭᠤᠤ ᠲᠠᠢ᠃ ᠬᠤᠳᠠ ᠶᠢᠨ ᠬᠦᠷᠢᠶ᠎ᠡ ᠬᠡᠷᠡᠮ ᠤᠨ ᠡᠮᠦᠨ᠎ᠡ ᠲᠠᠯ᠎ᠠ ᠶᠢᠨ ᠲᠤᠮᠳᠠ ᠬᠡᠰᠡᠭ ᠲᠤᠨᠢ 20 ᠮᠧᠲᠷ | ᠦᠷᠭᠡᠨ ᠭᠤᠤᠯ ᠬᠠᠭᠠᠯᠭ᠎ᠠ ᠲᠠᠢ᠂ ᠬᠤᠳᠠ ᠶᠢᠨ ᠵᠡᠬᠦᠨ ᠡᠮᠦᠨ᠎ᠡ ᠦᠨᠴᠦᠭ ᠲᠤ ᠬᠠᠵᠠᠭᠤ ᠬᠠᠭᠠᠯᠭ᠎ᠠ ᠲᠠᠢ ᠪᠠᠶᠢᠭᠰᠠᠨ | ᠮᠠᠭᠠᠳ᠃ ᠬᠤᠳᠠ ᠲᠤᠳᠤᠷ᠎ᠠ ᠪᠠᠷᠢᠯᠭ᠎ᠠ ᠶᠢᠨ ᠤᠷᠤᠮ ᠪᠤᠢ᠃ 2 ᠮᠧᠲᠷ ᠦᠨᠳᠦᠷ ᠰᠢᠷᠦᠢ ᠶᠢᠨ ᠲᠠᠪᠴᠠᠩ ᠳᠡᠭᠡᠷ᠎ᠡ | ᠲᠤᠮᠤ ᠪᠠᠷᠢᠯᠭ᠎ᠠ ᠲᠠᠢ᠃ ᠲᠠᠯᠠᠪᠠᠢ ᠨᠢ ᠡᠮᠦᠨᠡᠰᠢ ᠬᠤᠶᠢᠰᠢ ᠪᠠᠨ 15 ᠮᠧᠲᠷ᠂ ᠵᠡᠬᠦᠨᠰᠢ ᠪᠠᠷᠠᠭᠤᠨᠰᠢ 30 ᠮᠧᠲᠷ᠂ | ᠲᠤᠬᠠᠢ ᠶᠢᠨ ᠦᠶ᠎ᠡ ᠶᠢᠨ ᠨᠤᠶᠠᠯᠠᠭᠴᠢᠳ ᠤᠨ ᠤᠷᠳᠦᠨ ᠮᠦᠨ᠃ ᠬᠤᠳᠠ ᠶᠢᠨ ᠵᠡᠬᠦᠨ ᠪᠠ ᠠᠷᠤ ᠲᠠᠯ᠎ᠠ ᠳᠤ ᠴᠦᠮ | ᠬᠦᠷᠢᠶ᠎ᠡ ᠬᠠᠰᠢᠶ᠎ᠠ ᠶᠢᠨ ᠪᠠᠭᠤᠷᠢ ᠪᠤᠢ᠃ ᠡᠷᠲᠡᠨ ᠤ ᠬᠤᠳᠠ ᠶᠢᠨ ᠵᠡᠬᠦᠨ ᠲᠠᠯ᠎ᠠ ᠶᠢᠨ ᠪᠠᠭᠤᠷᠢ ᠨᠢ ᠲᠡᠮᠦᠷ ᠤᠨ | ᠲᠠᠷᠬᠠᠨᠴᠤᠳ ᠤᠨ ᠰᠠᠭᠤᠭ᠎ᠠ ᠪᠠᠶᠢᠰᠢᠩ ᠮᠦᠨ᠃ ᠬᠤᠳᠠ ᠶᠢᠨ ᠠᠷᠤ ᠲᠠᠯ᠎ᠠ᠂ ᠪᠠᠷᠠᠭᠤᠨ ᠬᠤᠶᠢᠲᠤ ᠲᠠᠯ᠎ᠠ ᠳᠤ | ᠴᠡᠴᠡᠷᠯᠢᠭ ᠢᠶᠠᠷ ᠬᠦᠷᠢᠶᠡᠯᠡᠬᠦᠯᠦᠭᠰᠡᠨ ᠪᠠᠷᠢᠯᠭ᠎ᠠ ᠶᠢᠨ ᠲᠤᠭᠤᠷᠢᠭ ᠲᠠᠢ᠃ ᠤᠷᠳᠤ ᠬᠠᠷᠰᠢ ᠶᠢᠨ ᠭᠠᠵᠠᠷ ᠠᠴᠠ | ᠪᠦᠮᠪᠦᠷᠢᠬᠡᠨ ᠲᠠᠭᠯᠠᠭ᠎ᠠ ᠸᠠᠭᠠᠷ᠂ ᠤᠨᠵᠢᠬᠢᠷ ᠸᠠᠭᠠᠷ ᠵᠡᠷᠭᠡ ᠪᠠᠷᠢᠯᠭ᠎ᠠ ᠶᠢᠨ ᠮᠠᠲ᠋ᠧᠷᠢᠶᠠᠯ ᠤᠯᠳᠠᠵᠠᠢ᠃ | | | ᠢᠷᠡᠯᠳᠠ᠄ ︽ᠮᠤᠩᠭᠤᠯ ᠰᠤᠳᠤᠯᠤᠯ ᠤᠨ ᠨᠡᠪᠳᠡᠷᠬᠡᠢ ᠲᠤᠯᠠᠢ︾ ︵ᠲᠡᠦᠬᠡ ᠶᠢᠨ ᠲᠤᠷᠠᠰᠬᠠᠯᠳᠤ ᠵᠦᠢᠯ ᠪᠠ | ᠬᠠᠭᠤᠴᠢ ᠰᠤᠳᠤᠯᠤᠯ︶ |