ᠡᠷᠳᠡᠨ ᠤ ᠦᠨᠳᠦᠷ ᠬᠠᠳᠠ ᠬᠤᠳᠠ
ᠨᠡᠶᠢᠲᠡᠯᠡᠭᠰᠡᠨ ᠴᠠᠭ᠄
2021/11/4
     ᠯᠢᠶᠣᠣ ᠤᠯᠤᠰ ᠤᠨ ᠦᠶ᠎ᠡ ᠶᠢᠨ ᠢᠦᠢ ᠵᠸᠦ ᠬᠤᠳᠠ ᠶᠢᠨ ᠪᠠᠭᠤᠷᠢ᠃ ᠵᠠᠷᠤᠳ ᠬᠤᠰᠢᠭᠤᠨ ᠤ ᠵᠧ ᠪᠸᠢ ᠲᠠᠷᠢᠶᠠᠯᠠᠩ ᠤᠨ ᠲᠠᠯᠠᠪᠠᠢ ᠶᠢᠨ ᠦᠨᠳᠦᠷ ᠬᠠᠳᠠᠨ ᠳᠤ ᠪᠤᠢ᠃ ᠡᠨᠡᠬᠦ ᠡᠷᠳᠡᠨ ᠤ ᠬᠤᠳᠠ ᠨᠢ ᠤᠷᠲᠤ ᠲᠦᠷᠪᠡᠯᠵᠢᠨ ᠬᠡᠯᠪᠡᠷᠢ ᠲᠠᠢ᠃ ᠬᠦᠷᠢᠶ᠎ᠡ ᠤᠷᠲᠤ ᠨᠢ 1460 ᠮᠧᠲᠷ᠃ ᠵᠡᠬᠦᠨ ᠬᠤᠶᠢᠨ᠎ᠠ ᠠᠴᠠ ᠪᠠᠷᠠᠭᠤᠨ ᠡᠮᠦᠨᠡᠰᠢ ᠬᠠᠨᠳᠤᠵᠤ᠂ ᠵᠡᠬᠦᠨ᠂ ᠡᠮᠦᠨ᠎ᠡ᠂ ᠬᠤᠶᠢᠲᠤ ᠭᠤᠷᠪᠠᠨ ᠲᠠᠯ᠎ᠠ ᠳᠤᠨᠢ ᠲᠤᠰ ᠪᠦᠷᠢ ᠨᠢᠭᠡ ᠬᠠᠭᠠᠯᠭ᠎ᠠ ᠲᠠᠢ᠃ ᠪᠠᠷᠠᠭᠤᠨ ᠲᠠᠯ᠎ᠠ ᠳᠤᠨᠢ ᠬᠤᠶᠠᠷ ᠬᠠᠭᠠᠯᠭ᠎ᠠ ᠲᠠᠢ᠃ ᠡᠨᠡᠬᠦ ᠡᠷᠳᠡᠨ ᠤ ᠬᠤᠳᠠ ᠨᠢ ᠨᠡᠯᠢᠶᠠᠳ ᠪᠦᠷᠢᠨ ᠪᠦᠲᠦᠨ ᠦᠯᠡᠳᠡᠭᠳᠡᠵᠦ᠂ ᠦᠯᠡᠳᠡᠭᠳᠡᠵᠦ ᠪᠠᠶᠢᠭ᠎ᠠ ᠬᠡᠷᠡᠮ ᠤᠨ ᠦᠨᠳᠦᠷ ᠨᠢ 0.5~1 ᠮᠧᠲᠷ ᠪᠠᠶᠢᠳᠠᠭ᠃ ᠬᠤᠳᠠ ᠶᠢᠨ ᠲᠤᠳᠤᠷ᠎ᠠ ᠪᠠᠷᠢᠯᠭ᠎ᠠ ᠶᠢᠨ ᠲᠠᠪᠴᠠᠩ ᠤᠨ ᠪᠠᠭᠤᠷᠢ ᠪᠢᠰᠢᠬᠦᠢ ᠤᠯᠠᠨ ᠬᠠᠷᠠᠭᠳᠠᠵᠤ᠂ ᠵᠡᠬᠦᠨ ᠬᠤᠶᠢᠲᠤ ᠲᠠᠯ᠎ᠠ ᠪᠠᠷ ᠢᠶᠠᠨ ᠵᠤᠵᠠᠭᠠᠯᠢᠭ ᠮᠦᠷᠳᠡᠭᠡᠨ ᠦᠨᠳᠦᠷᠬᠡᠨ ᠪᠠᠶᠢᠵᠤ᠂ ᠬᠠᠮᠤᠭ ᠦᠨᠳᠦᠷ ᠨᠢ 2 ᠮᠧᠲᠷ ᠪᠠᠶᠢᠳᠠᠭ᠃ ᠡᠷᠳᠡᠨ ᠤ ᠬᠤᠳᠠ ᠶᠢᠨ ᠲᠤᠳᠤᠷ᠎ᠠ ᠭᠠᠳᠠᠨ᠎ᠠ ᠨᠢ ᠭᠤᠤ ᠬᠡ ᠲᠠᠢ ᠲᠤᠭᠤᠰᠬ᠎ᠠ᠂ ᠪᠦᠰ ᠤᠨ ᠰᠢᠷᠬᠡᠭ ᠤᠨ ᠬᠡ ᠲᠠᠢ ᠸᠠᠭᠠᠷ ᠵᠡᠷᠭᠡ ᠡᠳ᠋ ᠦᠯᠡᠳᠡᠭᠳᠡᠯ ᠤᠳ ᠪᠠᠶᠢᠵᠠᠢ᠃ ᠬᠤᠳᠠ ᠶᠢᠨ ᠵᠡᠬᠦᠨ ᠬᠤᠶᠢᠲᠤ ᠲᠠᠯ᠎ᠠ ᠳᠤ ᠬᠤᠳᠠ ᠶᠢᠨ ᠬᠡᠷᠡᠮ ᠠᠴᠠ 110 ᠮᠧᠲᠷ ᠵᠠᠶᠢᠳᠠᠢ ᠭᠠᠵᠠᠷ ᠲᠤ ᠨᠢᠭᠡᠨ ᠵᠢᠵᠢᠭ ᠬᠤᠳᠠ ᠶᠢᠨ ᠪᠠᠭᠤᠷᠢ ᠪᠠᠶᠢᠵᠤ᠂ ᠵᠡᠬᠦᠨ ᠬᠤᠶᠢᠨ᠎ᠠ ᠠᠴᠠ ᠪᠠᠷᠠᠭᠤᠨ ᠡᠮᠦᠨᠡᠰᠢ ᠴᠢᠭᠯᠡᠵᠦ᠂ ᠤᠷᠲᠤ ᠨᠢ 162 ᠮᠧᠲᠷ᠂ ᠦᠷᠭᠡᠨ ᠨᠢ 90 ᠮᠧᠲᠷ᠂ ᠬᠤᠳᠠ ᠶᠢᠨ ᠲᠤᠳᠤᠷ᠎ᠠ ᠨᠢ ᠲᠤᠮᠤ ᠬᠡᠯᠪᠡᠷᠢ ᠶᠢᠨ ᠲᠠᠶᠢᠰᠠᠨ ᠤ ᠰᠠᠭᠤᠷᠢ ᠲᠠᠢ᠂ ᠯᠢᠶᠤᠤ ᠤᠯᠤᠰ ᠤᠨ ᠦᠶ᠎ᠡ ᠶᠢᠨ ᠸᠠᠭᠠᠷ ᠲᠤᠭᠤᠰᠬ᠎ᠠ ᠲᠤᠩ ᠤᠯᠠᠨ ᠪᠠᠶᠢᠳᠠᠭ ᠢᠶᠠᠷ ᠦᠵᠡᠬᠦ ᠳᠤ ᠡᠨᠡᠬᠦ ᠵᠢᠵᠢᠭ ᠬᠤᠳᠠ ᠨᠢ ᠲᠤᠬᠠᠢ ᠶᠢᠨ ᠦᠶ᠎ᠡ ᠳᠡᠭᠡᠨ ᠨᠢᠭᠡᠨ ᠰᠦᠮ᠎ᠡ ᠬᠡᠶᠢᠳ ᠪᠠᠶᠢᠬᠰᠠᠨ ᠪᠤᠯᠤᠯᠳᠠᠢ᠃ ︽ᠯᠢᠶᠤᠤ ᠤᠯᠤᠰ ᠤᠨ ᠱᠧᠩᠽᠦᠩ ᠬᠠᠭᠠᠨ ᠱᠦ ᠢ ᠭᠧᠩ ᠤᠪᠤᠭᠳᠠᠨ ᠢ ᠢᠦᠢ ᠵᠸᠦ ᠶᠢᠨ ᠵᠡᠭᠦᠨᠳᠡᠢ ᠤᠯᠠᠭᠠᠨᠬᠠᠳᠠ ᠶᠢᠨ ᠶᠢᠨ ᠠᠷᠤ ᠳᠤ ᠤᠷᠤᠰᠢᠭᠤᠯᠪᠠᠢ︾ ᠭᠡᠵᠡᠢ᠃ ︽ᠯᠢᠶᠤᠤ ᠤᠯᠤᠰ ᠤᠨ ᠲᠡᠦᠬᠡ· ᠭᠠᠵᠠᠷ ᠵᠦᠢ ᠶᠢᠨ ᠤᠶᠢᠯᠠᠯᠭ᠎ᠠ︾᠎ ᠳᠤ ︽ᠢᠦᠢ ᠵᠸᠦ ᠨᠢ ᠴᠧᠨ ᠸᠠᠩ ᠤᠨ ᠮᠠᠯᠵᠢᠯ ᠤᠨ ᠭᠠᠵᠠᠷ ᠮᠦᠨ᠃ ᠡᠮᠦᠨᠡᠰᠢ ᠎ ᠪᠠᠨ ᠳᠡᠭᠡᠳᠦ ᠨᠡᠶᠢᠰᠯᠠᠯ ᠠᠴᠠ 300 ᠭᠠᠵᠠᠷ ᠵᠠᠶᠢᠳᠠᠢ᠂ ᠲᠠᠪᠤᠨ ᠵᠠᠭᠤᠨ ᠡᠷᠦᠬᠡ ᠶᠢ ᠵᠡᠬᠢᠷᠴᠤ ᠪᠠᠶᠢᠯ᠎ᠠ︾ ᠬᠡᠮᠡᠨ ᠲᠡᠮᠳᠡᠭᠯᠡᠵᠦ ᠪᠤᠢ᠃ ᠪᠠᠶᠢᠴᠠᠭᠠᠯᠳᠠ ᠠᠴᠠ ᠦᠵᠡᠪᠡᠯ ᠱᠤ᠋ ᠢ ᠭᠧᠩ ᠤᠪᠤᠭᠳᠠᠨ ᠤ ᠪᠤᠯᠠᠰᠢ ᠠᠴᠠ ᠠᠭᠤᠯᠠ ᠪᠠᠷ ᠠᠯᠤᠰᠯᠠᠵᠤ᠂ ᠪᠠᠷᠠᠭᠤᠨ ᠡᠮᠦᠨ᠎ᠡ ᠵᠠᠬ᠎ᠠ ᠳᠤᠨᠢ ᠦᠨᠳᠦᠷ ᠬᠠᠳᠠ ᠬᠡᠮᠡᠬᠦ ᠡᠷᠳᠡᠨ ᠤ ᠬᠤᠳᠠ ᠪᠠᠶᠢᠵᠤᠬᠤᠢ᠃ ᠡᠬᠦᠨ ᠠᠴᠠ ᠦᠵᠡᠬᠦ ᠳᠤ ᠡᠨᠡᠬᠦ ᠡᠷᠳᠡᠨ ᠤ ᠬᠤᠳᠠ ᠨᠢ ᠯᠢᠶᠤᠤ ᠤᠯᠤᠰ ᠤᠨ ᠢᠦᠢ ᠵᠸᠦ ᠬᠤᠳᠠ ᠮᠦᠨ ᠪᠤᠯᠠᠢ᠃
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠢ ᠰᠢᠭᠤᠢ ᠪᠠ ᠨᠤᠳᠤᠭ ᠪᠡᠯᠴᠢᠭᠡᠷ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号