ᠬᠢᠩᠭᠠᠨ ᠤ ᠠᠭᠠᠯᠢᠭ ᠠᠯᠢᠮ᠎ᠠ
ᠨᠡᠶᠢᠲᠡᠯᠡᠭᠰᠡᠨ ᠴᠠᠭ᠄
2021/12/28
     ᠬᠢᠩᠭᠠᠨ ᠤ ᠠᠭᠠᠯᠢᠭ ᠠᠯᠢᠮ᠎ᠠ
          ᠮᠣᠳᠣᠨ ᠤ ᠲᠦᠷᠦᠯ᠄ ᠠᠭᠠᠯᠢᠭ ᠠᠯᠢᠮ᠎ᠠ      ᠰᠢᠨᠵᠢᠯᠡᠭᠡᠨ ᠤ ᠨᠡᠷ᠎ᠡ᠄ Malus asiatica′Xingan shaguo′      ᠲᠦᠷᠦᠯ ᠵᠦᠢᠯ᠄ ᠰᠢᠯᠢᠳᠡᠭ ᠡᠭᠦᠯᠳᠡᠷ      ᠵᠦᠪᠰᠢᠶᠡᠷᠡᠯ ᠤᠯᠤᠭᠰᠠᠨ ᠬᠡᠯᠪᠡᠷᠢ᠄ ᠬᠢᠨᠠᠨ ᠲᠤᠭᠲᠠᠭᠠᠯᠳᠠ      ᠡᠭᠦᠯᠳᠡᠷ ᠤᠨ ᠳ᠋ᠤᠭᠠᠷᠯᠠᠯ᠄ ᠮᠣᠩᠭᠤᠯ S-SV-MA-002-2020      ᠭᠤᠶᠤᠴᠢᠯᠠᠭᠴᠢ᠄ ᠬᠢᠩᠭᠠᠨ ᠠᠶᠢᠮᠠᠭ ᠤᠨ ᠣᠶ ᠰᠢᠭᠤᠶ ᠶᠢᠨ ᠰᠢᠨᠵᠢᠯᠡᠬᠦ ᠤᠬᠠᠭᠠᠨ ᠤ ᠰᠤᠳᠤᠯᠭᠠᠨ ᠤ ᠭᠠᠵᠠᠷ            ᠡᠭᠦᠯᠳᠡᠷ ᠤᠨ ᠣᠨᠴᠠᠯᠢᠭ      ᠪᠢᠴᠢᠬᠠᠨ ᠲᠤᠷᠤᠭ ᠮᠣᠳᠣ᠃ ᠮᠣᠳᠣᠨ ᠤ ᠰᠠᠷᠠᠪᠴᠢ ᠨᠢ ᠬᠠᠭᠠᠰ ᠳᠡᠯᠭᠡᠭᠳᠡᠵᠦ᠂ ᠨᠢᠭᠡ ᠨᠠᠰᠤᠲᠤ ᠨᠢᠯᠬ᠎ᠠ ᠮᠤᠳᠤᠨ ᠤ ᠮᠥᠴᠢᠷ ᠨᠢ ᠬᠠᠷᠠᠪᠲᠤᠷ ᠬᠦᠷᠡᠩ ᠥᠩᠭᠡᠲᠡᠶ ᠪᠠᠶᠢᠳᠠᠭ᠃ ᠬᠡᠷᠡᠯᠰᠡᠭ᠂ ᠬᠦᠢᠲᠡᠨ ᠳᠤ ᠲᠡᠰᠪᠦᠷᠢᠲᠡᠶ᠂ ᠭᠠᠩ ᠳᠤ ᠲᠡᠰᠪᠦᠷᠢᠲᠡᠶ ᠵᠡᠷᠭᠡ ᠣᠨᠴᠠᠯᠢᠭ ᠲᠠᠢ᠃ ᠵᠢᠮᠢᠰ ᠨᠢ ᠵᠤᠤᠪᠠᠩ ᠬᠡᠯᠪᠡᠷᠢᠲᠡᠶ ᠪᠤᠶᠤ ᠪᠥᠮᠪᠥᠭᠡᠯᠢᠭ ᠬᠡᠯᠪᠡᠷᠢᠲᠡᠶ᠂ ᠵᠢᠮᠢᠰ ᠨᠢ ᠪᠣᠯᠪᠠᠰᠤᠷᠠᠬᠤ ᠳᠠᠭᠠᠨ ᠤᠯᠠᠭᠠᠨ ᠰᠢᠷ᠎ᠠ ᠥᠩᠭᠡ ᠠᠴᠠ ᠤᠯᠠᠭᠠᠨ ᠥᠩᠭᠡ ᠲᠠᠢ ᠪᠤᠯᠵᠦ ᠬᠤᠪᠢᠷᠠᠳᠠᠭ᠃ ᠪᠣᠯᠪᠠᠰᠤᠷᠠᠬᠤ ᠬᠤᠭᠤᠴᠠᠭ᠎ᠠ ᠨᠢ 8 ᠰᠠᠷ᠎ᠠ ᠶᠢᠨ ᠰᠡᠭᠦᠯᠴᠢ ᠠᠴᠠ 9 ᠰᠠᠷ᠎ᠠ ᠶᠢᠨ ᠰᠢᠨᠡᠳ ᠪᠤᠯᠤᠨ᠎ᠠ᠃ ᠵᠢᠮᠢᠰ ᠤᠨ ᠳᠤᠮᠳᠠᠴᠢ ᠳ᠋ᠢᠶᠠᠮᠧᠲᠷ ᠨᠢ ᠪᠠᠷᠤᠭ 4.6cm᠂ ᠵᠢᠮᠢᠰ ᠪᠦᠷᠢ ᠶᠢᠨ ᠳᠤᠮᠳᠠᠴᠢ ᠬᠦᠨᠳᠦ ᠨᠢ ᠪᠠᠷᠤᠭ 52 g᠂ ᠰᠠᠭᠤᠷᠢ ᠪᠦᠷᠢ ᠶᠢᠨ ᠲᠤᠮᠳᠠᠴᠢ ᠭᠠᠷᠤᠯᠲᠠ ᠨᠢ ᠪᠠᠷᠤᠭ 71.7kg᠃ ᠵᠢᠮᠢᠰ ᠨᠢ ᠠᠩᠬᠢᠯᠤᠮ᠎ᠠ ᠦᠨᠦᠷ ᠲᠠᠢ᠂ ᠬᠠᠯᠢᠰᠤ ᠨᠢ ᠨᠢᠮᠭᠡᠨ᠂ ᠰᠢᠭᠦᠰᠦᠯᠢᠭ ᠪᠥᠭᠡᠳ ᠢᠰᠬᠦᠯᠡᠩ ᠠᠮᠲᠠᠲᠠᠶ᠃ ᠠᠭᠤᠰᠤᠮᠠᠯ ᠬᠠᠲᠠᠭᠤ ᠪᠡᠶᠡᠲᠦ ᠪᠣᠳᠠᠰ ᠨᠢ 16.7%᠂ ᠬᠦᠴᠢᠯ ᠤᠨ ᠠᠭᠤᠯᠠᠭᠳᠠᠴᠠ ᠨᠢ 10%᠂ ᠰᠢᠬᠢᠷ ᠤᠨ ᠠᠭᠤᠯᠠᠭᠳᠠᠴᠠ 12.3g/100g᠂ ᠸᠢᠲ᠋ᠠᠮᠢᠨ C᠎ ᠶᠢᠨ ᠠᠭᠤᠯᠤᠭᠳᠠᠴᠠ ᠨᠢ 17.8mg/100g ᠪᠠᠶᠢᠳᠠᠭ᠃          ᠬᠡᠷᠡᠭᠴᠡᠭᠡ ᠴᠢᠳᠠᠮᠵᠢ      ᠭᠤᠣᠯᠳᠠᠭᠤ ᠵᠢᠮᠢᠰ ᠤᠨ ᠠᠵᠤ ᠠᠬᠤᠶ ᠶᠢᠨ ᠣᠶ ᠶᠢᠨ ᠬᠡᠷᠡᠭᠴᠡᠭᠡᠲᠦ ᠵᠢᠮᠢᠰ ᠪᠤᠯᠤᠨ᠎ᠠ᠃ ᠰᠢᠨ᠎ᠡ ᠰᠣᠷᠭᠤᠭ ᠢᠶᠠᠷ ᠨᠢ ᠢᠳᠡᠭᠡᠨ ᠳᠤ ᠬᠡᠷᠡᠭᠯᠡᠵᠦ ᠪᠣᠯᠤᠨ᠎ᠠ᠂ ᠪᠠᠰᠠ ᠵᠢᠮᠢᠰ ᠤᠨ ᠬᠠᠲᠠᠭᠠᠮᠠᠯ᠂ ᠵᠢᠮᠢᠰ ᠤᠨ ᠳᠠᠷᠤᠰᠢ᠂ ᠵᠢᠮᠢᠰ ᠤᠨ ᠠᠷᠢᠬᠢ᠂ ᠵᠢᠮᠢᠰ ᠤᠨ ᠼᠤᠤ᠂ ᠵᠢᠮᠢᠰ ᠤᠨ ᠨᠤᠨᠲᠠᠭ ᠵᠡᠷᠭᠡ ᠶᠢ ᠪᠣᠯᠪᠠᠰᠤᠷᠠᠭᠤᠯᠵᠤ ᠪᠣᠯᠤᠨ᠎ᠠ᠃            ᠠᠷᠠᠴᠢᠯᠠᠵᠦ ᠲᠠᠷᠢᠬᠤ ᠮᠡᠷᠭᠡᠵᠢᠯ ᠤᠨ ᠭᠤᠣᠯᠳᠠᠯᠭ᠎ᠠ      ᠶᠡᠷᠦ ᠳᠡᠭᠡᠨ 4 ᠰᠠᠷ᠎ᠠ ᠶᠢᠨ ᠳᠤᠮᠳᠠᠴᠢ ᠠᠴᠠ 5 ᠰᠠᠷ᠎ᠠ ᠶᠢᠨ ᠳᠤᠮᠳᠠᠴᠢ ᠪᠣᠯᠲᠠᠯ᠎ᠠ᠂ 2 ᠵᠢᠯ ᠠᠴᠠ ᠳᠡᠭᠡᠭᠰᠢᠬᠢ ᠴᠢᠬᠢ ᠮᠣᠳᠣ ᠶᠢ ᠰᠣᠩᠭᠤᠨ᠂ ᠨᠦᠮᠦᠷᠢ ᠪᠦᠬᠦᠢ ᠬᠡᠷᠡᠯ ᠤᠨ ᠲᠤᠰᠤᠴᠠ ᠬᠠᠩᠭᠠᠮᠵᠢᠳᠠᠢ᠂ ᠬᠥᠷᠥᠰᠥᠨ ᠤ ᠳᠠᠪᠬᠤᠷᠭ᠎ᠠ ᠨᠢ ᠵᠤᠵᠠᠭᠠᠨ᠂ ᠬᠥᠷᠥᠰᠥ ᠨᠢ ᠰᠡᠶᠢᠷᠡᠭ᠂ ᠤᠰᠤ ᠲᠠᠲᠠᠷᠠᠭᠤᠯᠬᠤ ᠴᠢᠨᠠᠷ ᠢᠶᠠᠷ ᠰᠠᠶᠢᠨ ᠡᠯᠡᠰᠦᠷᠬᠡᠭ ᠬᠥᠷᠥᠰᠥᠨ ᠳᠤ ᠵᠠᠶᠢᠯᠠᠨ᠎ᠠ᠃ ᠴᠢᠬᠢ  ᠮᠤᠳᠤᠨ ᠤ ᠮᠥᠷ ᠤᠨ ᠵᠠᠶ ᠨᠢ ᠶᠡᠷᠦ ᠳᠡᠭᠡᠨ 3m × 5m ᠪᠠᠶᠢᠳᠠᠭ᠃ ᠵᠠᠶᠢᠯᠠᠬᠤ ᠳᠠᠭᠠᠨ ᠰᠠᠭᠤᠷᠢ ᠪᠦᠷᠢ ᠳᠤ 5 ~ 10kg᠎ ᠤᠨ ᠪᠣᠷᠳᠣᠭᠤᠷ ᠣᠷᠣᠭᠤᠯᠵᠤ᠂ ᠵᠠᠶᠢᠯᠠᠭᠰᠠᠨ ᠤ ᠳᠠᠷᠠᠭ᠎ᠠ ᠤᠰᠤᠯᠠᠬᠤ᠂ ᠬᠠᠶᠢᠴᠢᠯᠠᠨ ᠵᠠᠰᠠᠬᠤ᠂ ᠡᠪᠡᠳᠴᠢᠨ ᠬᠤᠷᠣᠬᠠᠶ ᠶᠢᠨ ᠬᠥᠨᠥᠭᠡᠯ ᠢ ᠰᠡᠷᠭᠡᠶᠢᠯᠡᠨ ᠵᠠᠰᠠᠬᠤ ᠵᠡᠷᠭᠡ ᠠᠷᠠᠴᠢᠯᠠᠨ ᠬᠠᠮᠢᠶᠠᠷᠤᠯᠲᠠ ᠬᠢᠨ᠎ᠡ᠃ ᠵᠢᠱᠢᠶᠡᠯᠡᠪᠡᠯ᠂ ᠵᠢᠮᠢᠰ ᠤᠨ ᠬᠦᠷᠢᠶᠡᠯᠡᠩ ᠪᠠᠶᠢᠭᠤᠯᠬᠤ ᠳᠤ᠂ 9 ᠮᠥᠷ ᠠᠯᠤᠰᠯᠠᠬᠤ ᠪᠦᠷᠢ 1 ᠮᠥᠷ  ᠲᠣᠭᠤᠰᠣ ᠬᠦᠷᠲᠡᠭᠡᠬᠦ ᠬᠠᠶᠢᠲᠠᠩ ᠮᠣᠳᠣ ᠵᠠᠶᠢᠯᠠᠵᠤ᠂ ᠲᠣᠭᠤᠰᠣ ᠬᠦᠷᠲᠡᠭᠡᠬᠦ ᠬᠡᠮᠵᠢᠶ᠎ᠡ ᠶᠢ ᠨᠡᠮᠡᠭᠳᠡᠭᠦᠯᠦᠨ᠎ᠡ᠃          ᠲᠠᠷᠢᠬᠤ ᠳᠤ ᠲᠣᠬᠢᠷᠠᠮᠵᠢᠲᠠᠶ ᠤᠷᠤᠨ      ᠲᠣᠰ ᠡᠭᠦᠯᠳᠡᠷ ᠢ ᠬᠢᠩᠭᠠᠨ ᠠᠶᠢᠮᠠᠭ ᠵᠢᠴᠢ ᠠᠳᠠᠯᠢᠪᠲᠤᠷ ᠭᠠᠵᠠᠷ ᠣᠷᠣᠨ ᠳᠤ ᠲᠠᠷᠢᠬᠤ ᠳᠤ ᠲᠣᠬᠢᠷᠠᠮᠵᠢᠲᠠᠶ᠃    
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠢ ᠰᠢᠭᠤᠢ ᠪᠠ ᠨᠤᠳᠤᠭ ᠪᠡᠯᠴᠢᠭᠡᠷ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号