︵1︶ ᠶᠠᠭᠤ ᠶᠢ ᠬᠤᠵᠢᠷᠯᠢᠬ ᠪᠡᠯᠴᠢᠭᠡᠷ ᠭᠡᠭᠦ ᠪᠤᠢ︖ | ᠭᠤᠤᠯ ᠨᠢ ᠮᠡᠨ ᠤ ᠤᠯᠤᠰ ᠤᠨ ᠠᠯᠢ ᠭᠠᠵᠠᠷ ᠤᠷᠤᠨ ᠢᠶᠠᠷ ᠲᠠᠷᠬᠠᠵᠤ ᠪᠠᠶᠢᠬᠤ ᠪᠤᠢ︖ ᠬᠤᠵᠢᠷᠯᠢᠬ | ᠪᠡᠯᠴᠢᠭᠡᠷ ᠭᠡᠳᠡᠭ ᠪᠤᠯ ᠭᠦᠷᠦᠰᠤ ᠰᠢᠷᠤᠢ ᠳᠤ ᠾᠯᠤᠷᠳᠤ ᠨᠢᠭᠡᠳᠦᠯ᠂ ᠭᠦᠭᠦᠷ ᠭᠦᠴᠢᠯ ᠤᠨ ᠲᠠᠪᠤᠰᠤ᠂ ᠨᠡᠭᠦᠷᠡᠰᠤ | ᠭᠦᠴᠢᠯ᠂ ᠠᠽᠤᠲ ᠭᠦᠴᠢᠯ ᠤᠨ ᠲᠠᠪᠤᠰᠤ ᠵᠡᠷᠭᠡ ᠲᠠᠪᠤᠰᠤᠨ ᠪᠦᠷᠢᠯᠳᠦᠭᠦᠨ ᠭᠡᠳᠦᠷᠭᠡᠢ ᠠᠭᠤᠯᠤᠠᠠᠳᠠᠵᠤ ᠪᠦᠭᠦᠢ | ᠭᠠᠵᠠᠷ ᠲᠤ ᠡᠯ᠎ᠡ ᠵᠦᠢᠯ ᠤᠨ ᠲᠠᠪᠤᠰᠤᠯᠢᠭ ᠤᠷᠭᠤᠮᠠᠯ ᠤᠨ ᠪᠦᠯᠦᠭᠯᠡᠯ ᠤᠷᠭᠤᠵᠤ ᠪᠠᠶᠢᠬᠤ ᠪᠡᠯᠴᠢᠭᠡᠷ ᠢ ᠭᠡᠯᠡᠳᠡᠭ᠃ | ᠬᠤᠵᠢᠷᠯᠢᠬ ᠪᠡᠯᠴᠢᠭᠡᠷ ᠨᠢ ᠮᠠᠨ ᠤ ᠤᠯᠤᠰ ᠤᠨ ᠤᠮᠠᠷᠠᠳᠤ ᠶᠢᠨ ᠦᠷᠭᠡᠨ ᠠᠭᠤᠳᠠᠮ ᠭᠠᠩ ᠬᠠᠭᠤᠷᠠᠢ ᠭᠠᠵᠠᠷ | ᠤᠷᠤᠨ ᠳᠤ ᠭᠤᠤᠯ ᠲᠠᠷᠬᠠᠵᠤ᠂ ᠤᠷᠭᠤᠮᠠᠯ ᠤᠨ ᠪᠦᠷᠭᠦᠴᠡ ᠨᠢ ᠬᠤᠵᠢᠷᠯᠢᠬ ᠰᠢᠷᠤᠢ ᠶᠢᠨ ᠲᠦᠷᠦᠯ ᠭᠡᠯᠪᠡᠷᠢ ᠪᠠᠷ | ᠭᠤᠤᠯ ᠪᠤᠯᠭᠠᠳᠠᠭ᠃ | ︵2︶ ᠬᠤᠵᠢᠷᠯᠢᠬ ᠪᠡᠯᠴᠢᠭᠡᠷ ᠲᠤ ᠲᠠᠪᠤᠰᠤᠨ ᠤ ᠲᠦᠷᠦᠯ ᠶᠠᠭᠠᠭᠢᠭᠠᠳ ᠪᠤᠢ ᠪᠤᠯᠳᠠᠭ ᠪᠤᠢ︖ | ᠭᠠᠩ ᠬᠠᠭᠤᠷᠠᠢ ᠭᠠᠵᠠᠷ ᠤᠷᠤᠨ ᠳᠤ ᠪᠤᠯ ᠭᠤᠤᠯ ᠨᠢ ᠴᠢᠯᠠᠭᠤᠯᠢᠭ ᠡᠷᠦᠳᠡᠰᠤ ᠦᠭᠡᠷᠢᠰᠢᠨ ᠵᠠᠳᠠᠷᠠᠭᠠᠳ | ᠴᠢᠯᠠᠭᠤᠯᠢᠭ ᠲᠠᠪᠤᠨ ᠲᠦᠷᠦᠯ ᠪᠦᠭᠡᠮᠨᠡᠷᠡᠭᠰᠡᠨ ᠠᠴᠠ ᠪᠤᠢ ᠪᠤᠯᠳᠠᠭ᠃ ᠲᠠᠯᠠᠢ ᠲᠠᠭᠠᠤ ᠭᠠᠵᠠᠷ ᠤᠷᠤᠨ ᠳᠤ ᠪᠤᠯ | ᠭᠤᠤᠯ ᠨᠢ ᠲᠠᠯᠠᠢ ᠶᠢᠨ ᠤᠰᠤᠨ ᠤ ᠲᠠᠪᠤᠰᠤᠯᠢᠭ ᠪᠦᠷᠢᠯᠳᠦᠭᠦᠨ ᠪᠤᠯᠤᠨ᠎ᠠ᠃ ᠬᠤᠵᠢᠷᠯᠢᠬ ᠰᠢᠷᠤᠢ ᠪᠤᠯᠵᠤ | ᠪᠦᠷᠢᠯᠳᠦᠭᠦ ᠶᠠᠪᠤᠴᠠ ᠨᠢ ᠭᠡᠪᠡᠯ ᠭᠤᠤᠯᠳᠠᠭᠤ ᠡᠯ᠎ᠠ ᠵᠦᠢᠯ ᠤᠨ ᠠᠭᠤᠰᠤᠮᠠᠬᠠᠢ ᠲᠠᠪᠤᠰᠤᠨ ᠲᠦᠷᠦᠯ ᠲᠠᠭᠢᠨ | ᠬᠤᠪᠢᠶ᠋ᠬᠠᠳᠠᠬᠤ ᠪᠠ ᠭᠦᠷᠤᠰᠤ ᠰᠢᠷᠤᠢ ᠳᠤ ᠲᠠᠰᠤᠷᠠᠯᠳᠠ ᠦᠭᠡᠢ ᠬᠤᠷᠠᠮᠳᠤᠬᠤ ᠶᠠᠪᠤᠴᠠ ᠪᠤᠯᠤᠨ᠎ᠠ᠃ ᠡᠨᠡ ᠬᠦ | ᠶᠠᠪᠤᠴᠠ ᠳᠤ ᠤᠰᠤ ᠲᠤᠩ ᠴᠢᠬᠤᠯᠠ ᠦᠢᠯᠡᠳᠦᠯ ᠦᠵᠡᠭᠦᠯᠳᠡᠭ ᠪᠦᠭᠡᠳ ᠲᠠᠷᠠ ᠨᠢ ᠲᠠᠪᠤᠰᠤᠨ ᠪᠦᠷᠢᠯᠳᠦᠭᠦᠨ ᠢ | ᠰᠢᠯᠵᠢᠭᠦᠯᠭᠦ ᠶᠢᠨ ᠭᠦᠳᠦᠯᠦᠭᠴᠢ ᠮᠦᠨ᠃ ᠲᠠᠪᠤᠰᠤᠨ ᠪᠦᠷᠢᠯᠳᠦᠭᠦᠨ ᠦᠷᠭᠦᠯᠵᠢ ᠤᠰᠤᠨ ᠤ ᠰᠢᠯᠵᠢᠯ ᠤᠨ | ᠴᠢᠭᠯᠡᠯ ᠢᠶᠠᠷ ᠬᠠᠷᠢᠴᠠᠩᠭᠤᠢ ᠪᠠᠷ ᠬᠤᠪᠢᠷᠠᠳᠠᠭ᠃ ᠭᠦᠮᠦᠨ ᠲᠦᠷᠦᠯᠭᠢᠳᠡᠨ ᠤ ᠦᠢᠯᠡᠳᠪᠤᠷᠢᠯᠡᠯ ᠤᠨ ᠠᠵᠢᠯᠯᠠᠭ᠎ᠠ | ᠵᠢᠱᠢᠶᠡᠯᠡᠪᠡᠯ ᠮᠠᠯ ᠪᠡᠯᠴᠢᠭᠡᠷᠯᠡᠭᠦ᠂ ᠲᠠᠷᠢᠶ᠎ᠠ ᠲᠠᠷᠢᠬᠤ᠂ ᠤᠰᠤᠯᠠᠬᠤ᠂ ᠪᠤᠷᠳᠤᠭᠤᠷ ᠤᠷᠤᠭᠤᠯᠬᠤ ᠵᠡᠷᠭᠡ ᠨᠢ ᠭᠦᠷᠤᠰᠤ | ᠰᠢᠷᠤᠢ ᠶᠢᠨ ᠲᠠᠪᠤᠰᠤᠨ ᠪᠦᠷᠢᠯᠳᠦᠭᠦᠨ ᠤ ᠬᠤᠪᠢᠷᠠᠯᠳᠠ ᠳᠤ ᠲᠤᠩ ᠴᠢᠬᠤᠯᠠ ᠨᠦᠯᠦᠭᠡ ᠲᠠᠢ ᠪᠠᠶᠢᠳᠠᠭ᠃ | ︵3︶ ᠲᠠᠪᠤᠰᠤ ᠬᠤᠵᠢᠷ ᠨᠢ ᠤᠷᠭᠤᠮᠠᠯ ᠳᠤ ᠶᠠᠮᠠᠷ ᠬᠤᠤᠷ ᠭᠦᠨᠦᠭᠡᠯ ᠲᠠᠢ ᠪᠠᠶᠢᠳᠠᠭ ᠪᠤᠢ︖ | ᠲᠠᠪᠤᠰᠤ ᠬᠤᠵᠢᠷ ᠨᠢ ᠤᠷᠭᠤᠮᠠᠯ ᠳᠤ ᠲᠤᠤᠷᠠᠭᠢ ᠮᠡᠳᠤ ᠭᠤᠷᠪᠡᠨ ᠲᠠᠯ᠎ᠠ ᠶᠢᠨ ᠭᠦᠨᠦᠭᠡᠯ ᠲᠠᠢ ᠪᠠᠶᠢᠳᠠᠭ᠃ | ᠨᠢᠭᠡ ᠳᠤ᠂ ᠦᠨᠳᠤᠰᠤᠨ ᠤ ᠰᠢᠰᠲ᠋ᠧᠮ ᠤᠨ ᠤᠷᠭᠤᠴᠠ ᠶᠢ ᠬᠤᠷᠢᠠᠠᠯᠠᠳᠠᠭ᠃ ᠭᠦᠷᠤᠰᠤ ᠰᠢᠷᠤᠢ ᠳᠤ ᠠᠭᠤᠰᠤᠮᠠᠬᠠᠢ | ᠲᠠᠪᠤᠰᠤᠨ ᠵᠦᠢᠯ ᠵᠤᠭᠢᠬᠤ ᠭᠡᠮᠵᠢᠶ᠎ᠠ ᠪᠠᠷ ᠬᠤᠷᠠᠮᠳᠤᠠᠠᠰᠠᠨ ᠠᠴᠠ ᠬᠤᠶᠢᠰᠢ ᠭᠦᠷᠦᠰᠤ ᠰᠢᠷᠤᠢ ᠶᠢᠨ ᠠᠭᠤᠰᠤᠮᠠᠯ ᠤᠨ | ᠦᠳᠭᠡᠴᠡ ᠨᠢ ᠤᠷᠭᠤᠮᠠᠯ ᠤᠨ ᠦᠨᠳᠤᠰᠤᠨ ᠤ ᠡᠰ ᠤᠨ ᠰᠢᠩᠭᠡᠨ ᠤ ᠦᠳᠭᠡᠴᠡ ᠠᠴᠠ ᠬᠤᠯᠠ ᠲᠠᠪᠠᠭᠠᠳ᠂ | ᠤᠰᠤᠨ ᠤ ᠡᠰ ᠨᠢ ᠭᠠᠳ᠋ᠬᠠᠰᠢ ᠨᠠᠪᠴᠢᠵᠤ᠂ ᠦᠨᠳᠤᠰᠤᠨ ᠤ ᠦᠵᠦᠭᠦᠷ ᠪᠤᠯᠤᠨ ᠰᠢᠨ᠎ᠠ ᠦᠨᠳᠤᠰᠤ ᠨᠢ ᠭᠦᠷᠡᠩᠳᠤᠵᠤ᠂ | ᠭᠦᠨᠳᠤ ᠨᠤᠴᠢᠳᠡᠢ ᠪᠤᠯᠬᠤ ᠦᠶᠡᠰ ᠪᠦᠭᠦ᠋ᠢᠯᠡ ᠦᠨᠳᠤᠰᠤᠨ ᠰᠢᠰᠲ᠋ᠧᠮ ᠨᠢ ᠬᠠᠷᠠᠯᠠᠨ ᠢᠯᠵᠠᠷᠠᠵᠤ᠂ ᠠᠮᠢᠵᠢᠷᠠᠯ ᠤᠨ | ᠭᠦᠴᠤᠨ ᠢᠶᠠᠨ ᠠᠯᠳᠠᠵᠤ ᠦᠭᠦᠵᠤ ᠰᠦᠢᠳᠳᠡᠭ᠃ ᠬᠤᠶᠠᠷ ᠲᠤ᠂ ᠬᠤᠵᠢᠷᠯᠢᠬ ᠭᠠᠵᠠᠷ ᠤᠨ ᠤᠷᠭᠤᠮᠠᠯ ᠰᠢᠮ᠎ᠠ | ᠲᠡᠵᠢᠭᠡᠯ ᠤᠨ ᠡᠳ᠋ ᠢ ᠰᠢᠩᠭᠡᠭᠡᠨ ᠠᠪᠬᠤ ᠶᠢᠨ ᠲᠠᠭᠠᠤ ᠳᠤ ᠶᠡᠭᠡ ᠭᠡᠮᠵᠢᠶᠠᠨ ᠤ ᠲᠠᠪᠤᠰᠤᠨ ᠪᠦᠷᠢᠯᠳᠦᠭᠦᠨ | ᠤᠷᠭᠤᠮᠠᠯ ᠤᠨ ᠪᠡᠶ᠎ᠠ ᠳᠤ ᠨᠠᠪᠴᠢᠵᠤ᠂ ᠡᠰ ᠤᠨ ᠰᠢᠩᠭᠡᠨ ᠳᠤᠨᠢ ᠲᠠᠪᠤᠰᠤᠨ ᠪᠦᠷᠢᠯᠳᠦᠭᠦᠨ ᠭᠡᠳᠦᠷᠭᠡᠢ ᠠᠷᠪᠢᠳᠴᠤ᠂ | ᠠᠽᠤᠲ ᠡᠯᠧᠮᠧᠨ᠋ᠲ ᠤᠨ ᠰᠤᠯᠢᠯᠴᠠᠬᠤ ᠭᠡᠷᠡᠯ ᠤᠨ ᠨᠡᠶᠢᠯᠡᠯᠭᠡ ᠶᠢ ᠬᠠᠷᠰᠢᠯᠠᠵᠤ᠂ ᠨᠠᠪᠴᠢᠨ ᠤ ᠨᠤᠭᠤᠭᠠᠨ ᠪᠡᠶ᠎ᠠ ᠳᠠᠬᠢ | ᠤᠭᠤᠷᠠᠭ ᠤᠨ ᠨᠡᠶᠢᠯᠡᠯᠭᠡ ᠨᠢ ᠬᠤᠷᠢᠠᠠᠯᠬᠠᠳᠠᠵᠤ᠂ ᠰᠢᠨ᠎ᠠ ᠬᠠᠭᠤᠴᠢᠨ ᠤ ᠰᠤᠯᠢᠠᠠᠳᠠᠯ ᠨᠢ ᠮᠠᠭᠤᠳᠠᠵᠤ᠂ ᠡᠭᠦᠨ ᠤ | ᠲᠡᠭᠡᠷ᠎ᠡ ᠦᠨᠳᠤᠰᠤᠨ ᠰᠢᠰᠲ᠋ᠧᠮ ᠤᠨ ᠤᠷᠭᠤᠯᠳᠠ ᠬᠤᠷᠢᠠᠠᠯᠬᠠᠳᠠᠳᠠᠭ᠃ ᠪᠦᠭᠦ᠋ᠢᠯᠡ ᠤᠷᠭᠤᠮᠠᠯ ᠤᠨ ᠡᠰᠢ ᠨᠢ | ᠪᠤᠭᠤᠨᠢᠰᠴᠤ᠂ ᠨᠠᠪᠴᠢ ᠨᠢ ᠭᠦᠢᠴᠡᠳ ᠲᠡᠯᠭᠡᠵᠤ ᠲᠡᠶᠢᠯᠭᠦ ᠦᠭᠡᠢ᠂ ᠨᠠᠪᠴᠢᠨ ᠤ ᠦᠵᠦᠭᠦᠷ ᠨᠢ ᠰᠢᠷᠠᠯᠠᠨ ᠠᠪᠴᠢᠵᠤ᠂ | ᠭᠦᠨᠳᠤ ᠨᠤᠴᠢᠳᠡᠢ ᠪᠤᠯᠬᠤ ᠦᠶᠡᠰ ᠨᠠᠪᠴᠢ ᠪᠤᠯᠤᠨ ᠡᠰᠢ ᠨᠢ ᠴᠦᠮ ᠬᠠᠳᠠᠵᠤ ᠦᠭᠦᠳᠡᠭ᠃ ᠭᠤᠷᠪᠡ ᠳᠤ᠂ | ᠬᠤᠵᠢᠷᠯᠢᠬ ᠭᠠᠵᠠᠷ ᠨᠢ ᠤᠷᠭᠤᠮᠠᠯ ᠳᠤ ᠲᠠᠮ ᠭᠦᠨᠦᠭᠡᠯ ᠤᠴᠠᠷᠠᠭᠤᠯᠬᠤ ᠳᠠᠭᠠᠨ ᠭᠤᠤᠯ ᠨᠢ ᠭᠦᠷᠤᠰᠤ ᠰᠢᠷᠤᠢ ᠶᠢᠨ | ᠹᠢᠽᠢᠺ ᠭᠢᠮᠢ ᠶᠢᠨ ᠪᠡᠯᠭᠡ ᠲᠡᠮᠳᠡᠭ ᠨᠢ ᠦᠭᠡᠷᠡᠳᠤᠵᠤ᠂ ᠭᠠᠵᠠᠷ ᠤᠨ ᠭᠠᠳᠠᠷᠭᠤ ᠭᠦᠷᠦᠰᠤᠨ ᠤ ᠦᠷᠦᠮᠡᠳᠦᠯ ᠨᠢ | ᠲᠠᠪᠤᠰᠤᠨ ᠦᠷᠦᠮᠡᠳᠦᠯ ᠪᠤᠯᠵᠤ᠂ ᠨᠠᠪᠳᠡᠷᠡᠴᠡ ᠨᠢ ᠮᠠᠭᠤᠳᠠᠵᠤ᠂ ᠦᠩ ᠰᠢᠮ᠎ᠠ ᠨᠢ ᠪᠠᠭᠤᠷᠠᠵᠤ᠂ ᠲᠠᠷᠢᠬᠤ ᠳᠤ | ᠭᠦᠴᠢᠷ ᠲᠠᠢ ᠪᠤᠯᠤᠭᠠᠳ᠂ ᠦᠷ᠎ᠡ ᠶᠢᠨ ᠨᠠᠭᠢᠶᠠᠯᠠᠵᠤ ᠰᠤᠶᠤᠭᠠᠯᠠᠬᠤ ᠶᠢ ᠬᠠᠷᠰᠢᠯᠠᠨ᠂ ᠤᠷᠭᠤᠮᠠᠯ ᠤᠨ ᠤᠷᠭᠤᠴᠠ ᠳᠤ | ᠭᠦᠨᠦᠭᠡᠯ ᠤᠴᠠᠷᠠᠭᠤᠯᠳᠠᠭ ᠪᠠᠶᠢᠨ᠎ᠠ᠃ | ︵4︶ ᠬᠤᠵᠢᠷᠯᠢᠬ ᠪᠡᠯᠴᠢᠭᠡᠷ ᠢ ᠭᠡᠷᠭᠢᠨ ᠰᠠᠶᠢᠵᠢᠷᠠᠭᠤᠯᠬᠤ ᠪᠤᠢ︖ | ᠡᠭᠦᠨ ᠳᠤ ᠶᠠᠮᠠᠷ ᠠᠰᠠᠭᠤᠳᠠᠯ ᠢ ᠠᠩᠬᠠᠷᠬᠤ ᠴᠢᠬᠤᠯᠠ ᠲᠠᠢ ᠪᠤᠢ︖ ᠬᠤᠵᠢᠷᠯᠢᠬ ᠪᠡᠯᠴᠢᠭᠡᠷ ᠢ | ᠰᠠᠶᠢᠵᠢᠷᠠᠭᠤᠯᠬᠤ ᠭᠡᠳᠡᠭ ᠪᠤᠯ ᠲᠠᠷᠤᠢ ᠨᠢᠭᠡ ᠲᠠᠯ᠎ᠠ ᠪᠠᠷ ᠨᠢᠭᠡᠨᠳᠡ ᠬᠤᠷᠠᠮᠳᠤᠠᠠᠰᠠᠨ ᠲᠠᠪᠤᠰᠤᠨ ᠪᠦᠷᠢᠯᠳᠦᠭᠦᠨ ᠢ | ᠠᠷᠢᠯᠭᠠᠵᠤ᠂ ᠨᠦᠭᠦᠭᠡ ᠲᠠᠯ᠎ᠠ ᠪᠠᠷ ᠲᠠᠪᠤᠰᠤᠨ ᠪᠦᠷᠢᠯᠳᠦᠭᠦᠨ ᠤᠯᠠᠮ ᠬᠤᠷᠠᠮᠳᠤᠬᠤ ᠶᠢ ᠰᠡᠷᠭᠡᠶᠢᠯᠡᠨ᠎ᠠ᠃ ᠡᠨᠡ | ᠵᠤᠷᠢᠯᠭ᠎ᠠ ᠳᠤ ᠭᠦᠷᠦᠭᠦᠯᠭᠦ ᠶᠢᠨ ᠲᠤᠰᠠᠳᠠ ᠡᠯ᠎ᠠ ᠪᠠᠶᠢᠭᠠᠯᠢ ᠶᠢᠨ ᠠᠵᠤ ᠠᠬᠤᠢ ᠶᠢᠨ ᠤᠨᠴᠠᠯᠢᠭ ᠢ ᠦᠨᠳᠦᠰᠦᠯᠡᠨ᠂ | ᠭᠠᠵᠠᠷ ᠤᠷᠤᠨ ᠤ ᠪᠠᠶᠢᠳᠠᠯ ᠳᠠᠭᠠᠨ ᠲᠤᠭᠢᠷᠠᠭᠤᠯᠤᠨ ᠶᠠᠷᠦᠩᠭᠡᠶᠢᠯᠡᠨ ᠵᠠᠰᠠᠨ᠎ᠠ᠃ ᠡᠩ ᠲᠡᠷᠢᠭᠦᠨ ᠳᠤ ᠲᠤᠤᠷᠠᠭᠢ | ᠬᠤᠶᠠᠷ ᠶᠠᠪᠤᠳᠠᠯ ᠢ ᠭᠠᠷᠳᠠᠨ ᠭᠢᠭᠦ ᠭᠡᠷᠡᠭᠳᠡᠢ᠃ ᠨᠢᠭᠡ ᠳᠤ᠂ ᠬᠤᠵᠢᠷᠯᠢᠬ ᠪᠠᠯᠴᠢᠭᠡᠷ ᠢ ᠨᠡᠯᠢᠶᠡᠳ ᠪᠦᠭᠦ ᠲᠠᠯ᠎ᠠ ᠪᠠᠷ | ᠪᠠᠶᠢᠴᠠᠭᠠᠨ ᠵᠠᠳᠠᠯᠵᠤ᠂ ᠢᠯᠠᠩᠭᠤᠶ᠎ᠠ ᠬᠤᠵᠢᠷᠯᠢᠬ ᠪᠠᠯᠴᠢᠭᠡᠷ ᠤᠨ ᠭᠦᠷᠦᠰᠤ ᠰᠢᠷᠤᠢ ᠳᠤ ᠪᠠᠶᠢᠴᠠᠭᠠᠯᠳᠠ ᠭᠢᠵᠤ | ᠵᠢᠱᠢᠶᠡᠯᠡᠪᠡᠯ ᠭᠦᠷᠦᠰᠤ ᠰᠢᠷᠤᠢ ᠶᠢᠨ ᠬᠤᠵᠢᠷᠳᠤᠯ ᠤᠨ ᠡᠭᠦᠰᠦᠯ᠂ ᠠᠬᠤᠢ ᠪᠠᠶᠢᠳᠠᠯ ᠪᠤᠯᠤᠨ ᠭᠦᠭᠵᠢᠯᠳᠡ ᠶᠢᠨ | ᠬᠠᠨᠳᠤᠰᠢ ᠶᠢ ᠤᠶᠢᠯᠠᠭᠠᠬᠤ ᠭᠡᠷᠡᠭᠳᠡᠢ᠃ ᠬᠤᠶᠠᠷ ᠲᠤ᠂ ᠬᠤᠵᠢᠷᠯᠢᠬ ᠪᠡᠯᠴᠢᠭᠡᠷ ᠤᠨ ᠭᠦᠷᠦᠰᠤ ᠰᠢᠷᠤᠢ ᠶᠢᠨ | ᠤᠯᠠᠷᠢᠯᠳᠠ ᠶᠢᠨ ᠵᠢᠮ᠎ᠠ ᠶᠤᠰᠤ ᠶᠢ ᠵᠦᠪ ᠲᠠᠨᠢᠬᠤ ᠭᠡᠷᠡᠭᠳᠡᠢ᠃ ᠬᠤᠵᠢᠷᠯᠢᠬ ᠪᠡᠯᠴᠢᠭᠡᠷ ᠤᠨ ᠭᠦᠷᠦᠰᠤ ᠰᠢᠷᠤᠢ ᠶᠢᠨ | ᠲᠦᠷᠦᠯ ᠭᠡᠯᠪᠡᠷᠢ ᠨᠢ ᠤᠯᠠᠨ᠂ ᠭᠦᠨᠳᠤ ᠭᠦᠡᠭᠭᠡᠨ ᠨᠢ ᠠᠳᠠᠯᠢ ᠦᠭᠡᠢ᠂ ᠪᠠᠶᠢᠳᠠᠯ ᠨᠢ ᠠᠰ ᠠᠰᠳᠠᠭᠠᠨ ᠶᠤᠮ᠃ | ᠡᠭᠦᠨ ᠳᠤ ᠬᠠᠮᠤᠭ ᠤᠨ ᠭᠦᠭᠵᠢᠶᠠᠨ ᠲᠠᠢ ᠭᠸᠠ ᠨᠢ ᠪᠤᠯ ᠭᠦᠷᠤᠰᠤ ᠰᠢᠷᠤᠢ ᠳᠠᠬᠢ ᠤᠰᠤ᠂ ᠲᠠᠪᠤᠰᠤᠨ ᠤ | ᠭᠦᠳᠡᠯᠭᠡᠭᠡᠨ ᠤ ᠶᠠᠪᠤᠴᠠ ᠪᠤᠯᠤᠨ᠎ᠠ᠃ ᠡᠨᠡ ᠬᠦ ᠭᠦᠳᠡᠯᠭᠡᠭᠡᠨ ᠤ ᠵᠢᠮ᠎ᠠ ᠶᠤᠰᠤ ᠶᠢ ᠡᠵᠡᠮᠰᠢᠭᠦ ᠪᠤᠯ ᠬᠤᠵᠢᠷᠳᠤᠯ ᠢ | ᠪᠦᠳᠦᠮᠵᠢᠳᠡᠢ ᠪᠠᠷ ᠰᠠᠷᠭᠡᠶᠢᠯᠡᠨ ᠵᠠᠰᠠᠬᠤ ᠶᠠᠪᠤᠴᠠ ᠶᠢᠨ ᠵᠠᠩᠭᠢᠯᠠᠭ᠎ᠠ ᠮᠦᠨ᠃ | ︵5︶ ᠬᠤᠵᠢᠷᠳᠤᠠᠠᠰᠠᠨ ᠪᠡᠯᠴᠢᠭᠡᠷ ᠢ ᠶᠠᠮᠠᠷ ᠠᠷᠭ᠎ᠠ ᠪᠠᠷ ᠰᠠᠶᠢᠵᠢᠷᠠᠭᠤᠯᠬᠤ ᠪᠤᠢ︖ | ᠬᠤᠵᠢᠷᠳᠤᠠᠠᠰᠠᠨ ᠪᠡᠯᠴᠢᠭᠡᠷ ᠢ ᠰᠠᠶᠢᠵᠢᠷᠠᠭᠤᠯᠬᠤ ᠶᠢᠨ ᠭᠤᠤᠯ ᠠᠷᠭ᠎ᠠ ᠭᠡᠮᠵᠢᠶ᠎ᠠ ᠭᠡᠪᠡᠯ᠄ ᠢᠠᠵᠧᠨᠧᠷᠢᠩ ᠤᠨ | ᠠᠷᠭ᠎ᠠ ᠭᠡᠮᠵᠢᠶ᠎ᠠ᠂ ᠤᠰᠤᠨ ᠠᠰᠢᠠᠠᠯᠠᠯᠳᠠ ᠶᠢᠨ ᠠᠷᠭ᠎ᠠ ᠭᠡᠮᠵᠢᠶ᠎ᠠ᠂ ᠠᠮᠢᠳᠤ ᠪᠤᠳᠠᠰ ᠤᠨ ᠠᠷᠭ᠎ᠠ ᠭᠡᠮᠵᠢᠶ᠎ᠠ ᠪᠤᠯᠤᠨ | ᠲᠠᠷᠢᠶᠠᠯᠠᠩ ᠤᠨ ᠠᠷᠭ᠎ᠠ ᠭᠡᠮᠵᠢᠶ᠎ᠠ ᠵᠡᠷᠭᠡ ᠪᠤᠢ᠃ ᠭᠡᠷᠪᠡ ᠠᠷᠭ᠎ᠠ ᠭᠡᠮᠵᠢᠶ᠎ᠠ ᠨᠢ ᠲᠤᠭᠢᠷᠠᠮᠵᠢᠳᠡᠢ᠂ ᠶᠠᠷᠦᠩᠭᠡᠶᠢᠯᠡᠨ | ᠠᠰᠢᠠᠠᠯᠠᠪᠠᠯ ᠬᠤᠵᠢᠷᠳᠤᠯ ᠤᠨ ᠭᠦᠨᠦᠭᠡᠯ ᠢ ᠠᠷᠢᠯᠭᠠᠬᠤ ᠪᠤᠶᠤ ᠪᠠᠭᠠᠰᠬᠠᠵᠤ ᠪᠤᠯᠬᠤ ᠮᠦᠷᠳᠡᠭᠡᠨ ᠪᠠᠰᠠ ᠭᠦᠷᠦᠰᠤ | ᠰᠢᠷᠤᠢ ᠶᠢᠨ ᠦᠩ ᠰᠢᠮ᠎ᠡ ᠶᠢ ᠲᠡᠭᠡᠭᠰᠢᠯᠡᠭᠦᠯᠵᠤ ᠪᠤᠯᠤᠨ᠎ᠠ᠃ | ︵6︶ ᠤᠶᠢᠯᠡᠳᠪᠤᠷᠢᠯᠡᠯ ᠤᠨ ᠲᠠᠯ᠎ᠠ ᠪᠠᠷ ᠶᠠᠷᠦᠳᠡᠭᠡᠨ ᠶᠠᠮᠠᠷ ᠠᠷᠭ᠎ᠠ ᠨᠤᠭᠤᠳ ᠢ ᠠᠪᠳᠠᠭ ᠪᠤᠢ︖ | ᠦᠢᠯᠡᠳᠪᠤᠷᠢᠯᠡᠯ ᠤᠨ ᠲᠠᠯ᠎ᠠ ᠪᠠᠷ ᠦᠷᠭᠦᠯᠵᠢ ᠭᠡᠷᠡᠭᠯᠡᠳᠡᠭ ᠠᠷᠭ᠎ᠠ ᠭᠡᠪᠡᠯ ᠤᠰᠤ ᠵᠠᠯᠠᠵᠤ ᠲᠠᠪᠤᠰᠤ ᠶᠢ | ᠤᠭᠢᠶᠠᠬᠤ᠂ ᠤᠷᠭᠠᠨᠢᠭ ᠪᠤᠷᠳᠤᠭᠤᠷ ᠢ ᠢᠯᠡᠭᠦᠭᠡᠨ ᠤᠷᠤᠭᠤᠯᠬᠤ᠂ ᠬᠤᠵᠢᠷᠯᠢᠬ ᠪᠡᠯᠴᠢᠭᠡᠷ ᠢ ᠵᠤᠭᠢᠰᠳᠠᠢ ᠠᠰᠢᠠᠠᠯᠠᠬᠤ | ᠠᠷᠭ᠎ᠠ ᠪᠠ ᠭᠢᠮᠢ ᠶᠢᠨ ᠠᠷᠭ᠎ᠠ ᠪᠠᠷ ᠰᠠᠶᠢᠵᠢᠷᠠᠭᠤᠯᠬᠤ ᠵᠡᠷᠭᠡ ᠪᠤᠢ᠃ ① ᠤᠰᠤ ᠵᠠᠯᠠᠵᠤ ᠲᠠᠪᠤᠰᠤ ᠤᠭᠢᠶᠠᠬᠤ ᠠᠷᠭ᠎ᠠ᠄ | ᠡᠨᠡ ᠠᠷᠭ᠎ᠠ ᠪᠤᠯ ᠤᠰᠤᠨ ᠠᠰᠢᠠᠠᠯᠠᠯᠳᠠ ᠶᠢᠨ ᠪᠠᠷᠢᠯᠭ᠎ᠠ ᠶᠢᠨ ᠪᠡᠯᠡᠳᠭᠡᠮᠵᠢ ᠶᠢ ᠪᠠᠶᠢᠭᠤᠯᠬᠤ ᠪᠠᠷ ᠲᠠᠮᠵᠢᠭᠤᠯᠤᠨ᠂ | ᠬᠤᠵᠢᠷᠯᠢᠬ ᠪᠡᠯᠴᠢᠭᠡᠷ ᠲᠤ ᠤᠰᠤᠯᠠᠯᠳᠠ ᠭᠢᠭᠦ ᠪᠡ ᠤᠰᠤ ᠵᠠᠯᠠᠨ ᠤᠷᠤᠭᠤᠯᠵᠤ᠂ ᠲᠠᠪᠤᠰᠤ ᠬᠤᠵᠢᠷ ᠢ ᠤᠭᠢᠶᠠᠬᠤ | ᠦᠢᠯᠡᠳᠦᠯ ᠦᠵᠡᠭᠦᠯᠭᠦ ᠶᠠᠪᠤᠳᠠᠯ ᠪᠤᠯᠤᠨ᠎ᠠ᠃ ② ᠤᠷᠭᠠᠨᠢᠭ ᠪᠤᠷᠳᠤᠭᠤᠷ ᠤᠷᠤᠭᠤᠯᠬᠤ ᠠᠷᠭ᠎ᠠ᠄ ᠡᠨᠡ ᠠᠷᠭ᠎ᠠ ᠪᠤᠯ | ᠤᠷᠭᠠᠨᠢᠭ ᠪᠤᠷᠳᠤᠭᠤᠷ ᠤᠷᠤᠭᠤᠯᠬᠤ ᠪᠠᠷ ᠲᠠᠮᠵᠢᠭᠤᠯᠤᠨ ᠭᠦᠷᠦᠰᠤ ᠰᠢᠷᠤᠢ ᠶᠢᠨ ᠦᠩ ᠰᠢᠮ᠎ᠠ ᠶᠢ ᠲᠡᠭᠡᠭᠰᠢᠯᠡᠭᠦᠯᠵᠤ᠂ | ᠭᠦᠷᠤᠰᠤ ᠰᠢᠷᠤᠢ ᠳᠠᠬᠢ ᠤᠷᠭᠠᠨᠢᠭ ᠪᠤᠳᠠᠰ ᠤᠨ ᠠᠭᠤᠯᠤᠠᠠᠳᠠᠴᠠ ᠶᠢ ᠨᠡᠮᠡᠭᠳᠡᠭᠦᠯᠵᠤ᠂ ᠭᠦᠷᠦᠰᠤ ᠰᠢᠷᠤᠢ ᠶᠢᠨ | ᠹᠢᠽᠢᠺ ᠤᠨ ᠴᠢᠨᠠᠷ ᠢ ᠰᠠᠶᠢᠵᠢᠷᠠᠭᠤᠯᠵᠤ᠂ ᠠᠭᠤᠰᠬᠠᠬᠤ ᠦᠢᠯᠡᠳᠦᠯ ᠢ ᠴᠢᠩᠭᠠᠳᠬᠠᠵᠤ᠂ ᠠᠭᠤᠷᠰᠢᠯᠳᠡ ᠶᠢ ᠪᠠᠭᠠᠰᠬᠠᠨ | ᠭᠡᠳᠡᠷᠭᠦ ᠲᠠᠪᠤᠰᠤᠵᠢᠬᠤ ᠶᠢ ᠬᠤᠷᠢᠠᠠᠯᠠᠨ᠎ᠠ᠃ ᠤᠷᠭᠠᠨᠢᠭ ᠪᠤᠷᠳᠤᠭᠤᠷ ᠨᠢ ᠪᠠᠰᠠ ᠭᠦᠷᠦᠰᠤ ᠰᠢᠷᠤᠢ ᠶᠢᠨ ᠬᠤᠵᠢᠷᠯᠢᠬ | ᠴᠢᠨᠠᠷ ᠢ ᠰᠠᠭᠠᠷᠮᠬᠠᠵᠢᠭᠤᠯᠵᠤ᠂ ᠬᠤᠵᠢᠷᠳᠤᠯ ᠢ ᠰᠠᠶᠢᠵᠢᠷᠠᠭᠤᠯᠬᠤ ᠦᠢᠯᠡᠳᠦᠯ ᠦᠵᠡᠭᠦᠯᠳᠡᠭ᠃ ᠪᠤᠷᠳᠤᠭᠤᠷ | ᠤᠷᠤᠭᠤᠯᠬᠤ ᠪᠠ ᠤᠰᠤᠯᠠᠨ ᠤᠭᠢᠶᠠᠬᠤ ᠶᠢ ᠤᠶᠠᠯᠳᠤᠭᠤᠯᠪᠠᠯ ᠨᠡᠩ ᠰᠠᠶᠢᠨ ᠦᠷ᠎ᠡ ᠪᠦᠳᠦᠮᠵᠢ ᠤᠯᠵᠤ ᠴᠢᠳᠠᠨ᠎ᠠ᠃ | ③ ᠬᠤᠵᠢᠷᠯᠢᠬ ᠪᠡᠯᠴᠢᠭᠡᠷ ᠢ ᠵᠤᠭᠢᠰᠳᠡᠢ ᠠᠰᠢᠠᠠᠯᠠᠬᠤ ᠠᠷᠭ᠎ᠠ᠄ ᠵᠤᠭᠢᠰᠳᠠᠢ ᠠᠰᠢᠠᠠᠯᠠᠬᠤ ᠶᠢᠨ ᠭᠤᠤᠯ ᠵᠠᠩᠭᠢᠯᠠᠭ᠎ᠠ | ᠪᠤᠯ ᠲᠠᠷᠤᠢ ᠡᠪᠡᠰᠤ ᠪᠡᠯᠴᠢᠭᠡᠷ ᠤᠨ ᠲᠠᠭᠠᠭᠠᠴᠠ ᠪᠠᠷ ᠮᠠᠯ ᠰᠦᠷᠦᠭ ᠢ ᠭᠢᠵᠠᠭᠠᠷᠯᠠᠨ᠂ ᠡᠪᠡᠰᠤ ᠪᠡᠯᠴᠢᠭᠡᠷ ᠤᠨ | ᠲᠠᠭᠠᠭᠠᠴᠠ ᠠᠴᠠ ᠭᠡᠳᠦᠷᠡᠭᠦ ᠶᠢ ᠰᠡᠷᠭᠡᠶᠢᠯᠡᠵᠤ᠂ ᠪᠡᠯᠴᠢᠭᠡᠷ ᠢᠶᠠᠷ ᠮᠠᠯ ᠢᠶᠠᠨ ᠲᠤᠠᠠᠳᠠᠭᠠᠬᠤ ᠶᠢ ᠭᠡᠷᠡᠭᠵᠢᠭᠦᠯᠭᠦ ᠶᠠᠪᠤᠳᠠᠯ | ᠪᠤᠯᠤᠨ᠎ᠠ᠃ ᠬᠤᠵᠢᠷᠯᠢᠬ ᠡᠪᠡᠰᠤ ᠪᠡᠯᠴᠢᠭᠡᠷ ᠢ ᠵᠤᠭᠢᠰᠳᠠᠢ ᠠᠰᠢᠠᠠᠯᠠᠬᠤ ᠶᠢᠨ ᠲᠠᠭᠠᠤ ᠠᠷᠭ᠎ᠠ ᠭᠡᠮᠵᠢᠶ᠎ᠠ ᠠᠪᠴᠤ | ᠪᠠᠶᠢᠭᠠᠳ ᠬᠤᠵᠢᠷᠯᠢᠬ ᠡᠪᠡᠰᠤ ᠪᠡᠯᠴᠢᠭᠡᠷ ᠢ ᠲᠦᠯᠦᠪᠯᠡᠭᠡ ᠲᠠᠢ ᠪᠠᠷ ᠪᠤᠶᠢᠵᠢᠭᠤᠯᠵᠤ ᠪᠤᠯᠤᠨ᠎ᠠ᠃ ᠵᠢᠱᠢᠶᠡᠯᠡᠪᠡᠯ | 5~10 ᠳ᠋ᠤᠭᠠᠷ ᠰᠠᠷ᠎ᠠ ᠪᠤᠯᠳᠠᠯᠠᠭᠢ ᠡᠪᠡᠰᠤ ᠪᠡᠯᠴᠢᠭᠡᠷ ᠤᠷᠭᠤᠬᠤ ᠬᠤᠭᠤᠴᠠᠭᠠᠨ ᠳᠤ ᠮᠠᠯ ᠤᠷᠤᠭᠤᠯᠬᠤ ᠶᠢ | ᠵᠤᠠᠠᠰᠤᠭᠠᠵᠤ᠂ ᠡᠭᠡᠯᠵᠢᠯᠡᠨ ᠮᠠᠯᠵᠢᠬᠤ᠂ ᠡᠭᠡᠯᠵᠢᠯᠡᠨ ᠬᠠᠳᠤᠬᠤ᠂ ᠰᠡᠯᠭᠦᠭᠦᠯᠭᠦ ᠲᠦᠷᠢᠮ ᠢᠶᠠᠷ ᠪᠢᠳᠡᠭᠦᠮᠵᠢᠯᠡᠵᠤ | ᠪᠤᠯᠤᠨ᠎ᠠ᠃ ④ ᠭᠢᠮᠢ ᠶᠢᠨ ᠰᠠᠶᠢᠵᠢᠷᠠᠭᠤᠯᠤᠯᠳᠠ ᠶᠢᠨ ᠠᠷᠭ᠎ᠠ᠄ ᠡᠨᠡ ᠠᠷᠭ᠎ᠠ ᠪᠤᠯ ᠬᠤᠵᠢᠷᠰᠢᠠᠠᠰᠠᠨ ᠭᠠᠵᠠᠷ ᠲᠡᠭᠡᠷ᠎ᠡ | ᠵᠤᠭᠠᠩ ᠤᠷᠤᠭᠤᠯᠵᠤ ᠭᠦᠷᠤᠰᠤ ᠰᠢᠷᠤᠢ ᠶᠢ ᠰᠠᠶᠢᠵᠢᠷᠠᠭᠤᠯᠬᠤ ᠶᠢ ᠭᠡᠯᠡᠵᠤ ᠪᠤᠢ᠃ ᠪᠤᠳᠠᠳᠠᠢ ᠭᠢᠭᠦ ᠠᠷᠭ᠎ᠠ ᠨᠢ ᠭᠡᠪᠡᠯ | ᠬᠤᠵᠢᠷᠰᠢᠠᠠᠰᠠᠨ ᠪᠡᠯᠴᠢᠭᠡᠷ ᠲᠤ ᠵᠢᠯ ᠪᠦᠷᠢ ᠾᠧᠺᠲ᠋ᠠᠷ ᠨᠢᠭᠡᠪᠤᠷᠢ 1125kg ᠵᠤᠭᠠᠩ ᠤᠷᠤᠭᠤᠯᠪᠠᠯ ᠭᠤᠷᠪᠡᠨ | ᠵᠢᠯ ᠤᠨ ᠲᠠᠷᠠᠭ᠎ᠠ ᠬᠤᠵᠢᠷᠰᠢᠠᠠᠰᠠᠨ ᠭᠡᠮᠵᠢᠶ᠎ᠠ ᠨᠢ ᠢᠯᠡᠳᠳᠡ ᠪᠠᠭᠤᠷᠠᠬᠤ ᠪᠤᠯᠤᠨ᠎ᠠ᠃ ⑤ ᠠᠮᠢᠳᠤ ᠪᠤᠳᠠᠰ ᠤᠨ | ᠰᠠᠶᠢᠵᠢᠷᠠᠭᠤᠯᠤᠯᠳᠠ ᠶᠢᠨ ᠠᠷᠭ᠎ᠠ᠄ ᠬᠤᠵᠢᠷᠰᠢᠠᠠᠰᠠᠨ ᠨᠤᠭᠤ ᠭᠠᠵᠠᠷ ᠤᠨ ᠪᠡᠯᠴᠢᠭᠡᠷ ᠲᠡᠭᠡᠷ᠎ᠡ ᠭᠦᠷᠦᠰᠤ ᠶᠢ | ᠤᠷᠪᠠᠭᠤᠯᠤᠨ ᠡᠪᠡᠰᠤ ᠲᠠᠷᠢᠵᠤ᠂ ᠲᠠᠷᠢᠮᠠᠯ ᠪᠠᠯᠴᠢᠭᠡᠷ ᠪᠠᠶᠢᠭᠤᠯᠬᠤ ᠶᠢ ᠭᠡᠯᠡᠵᠤ ᠪᠤᠢ᠃ ᠢᠡᠭᠭᠢᠪᠡᠯ ᠨᠤᠭᠤᠭᠠᠨ | ᠪᠤᠷᠳᠤᠭᠤᠷᠳᠤ ᠡᠪᠡᠰᠤ ᠪᠡᠯᠴᠢᠭᠡᠷ᠂ ᠢᠠᠠᠴᠢ ᠰᠠᠬᠤᠯᠢᠬ ᠡᠰᠢ ᠨᠠᠪᠴᠢ ᠪᠦᠷᠭᠦᠭᠰᠡᠨ ᠭᠠᠵᠠᠷ ᠲᠤ ᠭᠠᠵᠠᠷ ᠤᠨ | ᠭᠠᠳᠠᠷᠭᠤ ᠶᠢᠨ ᠤᠰᠤᠨ ᠤ ᠠᠭᠤᠷᠰᠢᠯᠳᠡ ᠶᠢ ᠨᠠᠮᠳᠠᠭᠤᠯᠵᠤ᠂ ᠭᠦᠷᠦᠰᠤ ᠰᠢᠷᠤᠢ ᠶᠢᠨ ᠭᠡᠳᠡᠷᠭᠦ ᠬᠤᠵᠢᠷᠰᠢᠬᠤ ᠶᠢ | ᠬᠤᠷᠢᠠᠠᠯᠠᠵᠤ᠂ ᠮᠤᠨᠳᠠᠭ ᠲᠤᠮᠤ ᠦᠨᠳᠤᠰᠤᠨ ᠰᠢᠰᠲ᠋ᠧᠮ ᠳᠤ ᠶᠡᠭᠡ ᠭᠡᠮᠵᠢᠶ᠎ᠠ ᠶᠢᠨ ᠤᠰᠤ ᠶᠢ ᠰᠢᠮᠡᠳᠭᠡᠵᠤ᠂ ᠡᠰᠢ | ᠨᠠᠪᠴᠢᠨ ᠳᠤ ᠠᠭᠤᠷᠰᠢᠭᠤᠯᠤᠨ ᠭᠦᠷᠦᠰᠤᠨ ᠲᠤᠤᠷᠠᠭᠢ ᠤᠰᠤᠨ ᠲᠦᠪᠰᠢᠨ ᠢ ᠲᠤᠷᠤᠠᠠᠰᠢᠯᠠᠭᠤᠯᠤᠭᠠᠳ ᠲᠠᠪᠤᠰᠤ ᠨᠢ | ᠭᠠᠵᠠᠷ ᠤᠨ ᠭᠠᠳᠠᠷᠭᠤ ᠳᠤ ᠬᠤᠷᠠᠮᠳᠤᠬᠤ ᠶᠢ ᠪᠦᠳᠦᠮᠵᠢᠳᠡᠢ ᠪᠠᠷ ᠰᠡᠷᠭᠡᠶᠢᠯᠡᠵᠤ ᠴᠢᠳᠠᠳᠠᠭ᠃ ᠡᠭᠦᠨ ᠢᠶᠠᠷ | ᠲᠠᠮᠵᠢᠭᠤᠯᠤᠨ ᠭᠠᠵᠠᠷ ᠤᠨ ᠭᠠᠳᠠᠷᠭᠤ ᠳᠤ ᠲᠠᠪᠤᠰᠤᠨ ᠪᠦᠷᠢᠯᠳᠦᠭᠦᠨ ᠬᠤᠷᠠᠮᠳᠤᠬᠤ ᠶᠢ ᠨᠢ ᠪᠦᠳᠦᠮᠵᠢᠳᠡᠢ ᠪᠠᠷ | ᠬᠤᠷᠢᠠᠠᠯᠠᠨ᠎ᠠ᠃ ᠦᠨᠳᠤᠰᠤ᠂ ᠡᠰᠢ᠂ ᠨᠠᠪᠴᠢ ᠶᠢ ᠭᠦᠷᠤᠰᠤ ᠰᠢᠷᠤᠢ ᠳᠤ ᠤᠷᠪᠠᠭᠤᠯᠤᠨ ᠤᠷᠤᠭᠤᠯᠪᠠᠯ ᠤᠷᠭᠠᠨᠢᠭ | ᠪᠤᠳᠠᠰ ᠤᠨ ᠠᠭᠤᠯᠤᠠᠠᠳᠠᠴᠠ ᠶᠢ ᠨᠡᠮᠡᠭᠳᠡᠭᠦᠯᠵᠤ᠂ ᠨᠤᠭᠤᠭᠠᠨ ᠪᠠᠶᠡᠳᠤ ᠵᠢᠴᠢ ᠦᠨᠳᠤᠰᠤ ᠨᠢ ᠮᠢᠺᠷᠤᠪ ᠢᠶᠠᠷ ᠵᠠᠳᠠᠷᠠᠵᠤ᠂ | ᠡᠯ᠎ᠠ ᠵᠦᠢᠯ ᠤᠨ ᠤᠷᠭᠠᠨᠢᠭ ᠭᠦᠴᠢᠯ ᠪᠤᠢ ᠪᠤᠯᠵᠤ᠂ ᠭᠦᠷᠤᠰᠤ ᠰᠢᠷᠤᠢ ᠶᠢᠨ ᠬᠤᠵᠢᠷ ᠤᠨ ᠭᠡᠮᠵᠢᠶ᠎ᠠ ᠶᠢ | ᠰᠠᠭᠠᠷᠮᠬᠠᠵᠢᠭᠤᠯᠬᠤ ᠦᠢᠯᠡᠳᠦᠯ ᠦᠵᠡᠭᠦᠯᠵᠤ ᠴᠢᠳᠠᠨ᠎ᠠ᠃ | ︵7︶ ᠬᠤᠵᠢᠷ ᠲᠠᠪᠤᠰᠤᠯᠢᠭ ᠨᠤᠳᠤᠭ ᠪᠡᠯᠴᠢᠭᠡᠷ ᠲᠤ ᠶᠠᠮᠠᠷ ᠲᠦᠷᠦᠯ ᠤᠨ ᠡᠪᠡᠰᠤ ᠤᠷᠭᠤᠮᠠᠯ ᠲᠠᠷᠢᠪᠠᠯ | ᠲᠤᠭᠢᠷᠠᠬᠤ ᠪᠤᠢ︖ | ᠬᠤᠵᠢᠷᠰᠢᠠᠠᠰᠠᠨ ᠪᠡᠯᠴᠢᠭᠡᠷ ᠢ ᠰᠠᠶᠢᠵᠢᠷᠠᠭᠤᠯᠬᠤ ᠳᠤ ᠲᠠᠷᠢᠬᠤ ᠡᠪᠡᠰᠤᠨ ᠲᠦᠷᠦᠯ ᠭᠡᠪᠡᠯ ᠭᠤᠤᠯ ᠨᠢ | ᠬᠤᠵᠢᠷᠰᠠᠭ ᠦᠯᠦᠩ᠂ ᠰᠢᠪᠠᠭᠤᠨ ᠲᠠᠷᠢᠶ᠎ᠠ᠂ ᠦᠶᠡᠳᠤ ᠦᠯᠦᠩ᠂ ᠵᠡᠷᠯᠢᠭ ᠬᠠᠷ᠎ᠠ ᠪᠤᠭᠤᠳᠠᠢ᠂ ᠰᠢᠷ᠎ᠠ ᠭᠢᠶᠠᠭ᠂ | ᠭᠦᠴᠢᠩᠭᠢ᠂ ᠪᠤᠷᠤ ᠴᠠᠷᠭᠠᠰᠤ᠂ ᠴᠠᠭᠢᠯᠳᠠᠭ᠂ ᠤᠰᠤᠨ ᠬᠤᠨᠤᠭ᠂ ᠰᠤᠬᠠᠢ᠂ ᠵᠢᠭᠳᠡ᠂ ᠵᠠᠭ ᠵᠡᠷᠭᠡ ᠡᠪᠡᠰᠤ ᠪᠤᠯᠤᠨ | ᠪᠤᠳᠠ ᠮᠤᠳᠤ᠂ ᠲᠤᠷᠤᠭ ᠮᠤᠳᠤ ᠪᠤᠢ᠃ ᠡᠭᠦᠨ ᠳᠤ ᠬᠤᠵᠢᠷᠰᠠᠭ ᠦᠯᠦᠩ᠂ ᠰᠢᠪᠠᠭᠤᠨ ᠲᠠᠷᠢᠶ᠎ᠠ ᠪᠤᠯ ᠭᠦᠨᠳᠤ | ᠨᠤᠴᠢᠳᠠᠢ ᠬᠤᠵᠢᠷᠰᠢᠠᠠᠰᠠᠨ ᠪᠡᠯᠴᠢᠭᠡᠷ ᠢ ᠰᠠᠶᠢᠵᠢᠷᠠᠭᠤᠯᠬᠤ ᠳᠤ ᠬᠠᠮᠤᠭ ᠤᠨ ᠲᠦᠷᠦᠭᠦᠨ ᠳᠤ ᠰᠤᠩᠭᠤᠬᠤ ᠡᠪᠡᠰᠤᠨ | ᠲᠦᠷᠦᠯ ᠪᠤᠯᠤᠨ᠎ᠠ᠃ ᠲᠠᠷᠠᠭᠠᠯᠠᠪᠠᠯ ᠦᠶᠡᠳᠤ ᠦᠯᠦᠩ᠂ ᠵᠡᠷᠯᠢᠭ ᠬᠠᠷ᠎ᠠ ᠪᠤᠭᠤᠳᠠᠢ ᠪᠤᠯᠤᠨ᠎ᠠ᠃ ᠲᠤᠮᠳᠠ ᠲᠠᠰ ᠪᠤᠶᠤ | ᠭᠦᠡᠭᠭᠡᠨ ᠲᠠᠰ ᠤᠨ ᠬᠤᠵᠢᠷᠳᠤᠠᠠᠰᠠᠨ ᠪᠡᠯᠴᠢᠭᠡᠷ ᠲᠤ ᠰᠢᠷ᠎ᠠ ᠭᠢᠶᠠᠭ᠂ ᠭᠦᠭᠡ ᠡᠪᠡᠰᠤ᠂ ᠭᠦᠴᠢᠩᠭᠢ᠂ ᠪᠤᠷᠤ | ᠴᠠᠷᠭᠠᠰᠤ᠂ ᠴᠠᠭᠢᠯᠳᠠᠭ ᠵᠡᠷᠭᠡ ᠶᠢ ᠰᠤᠩᠭᠤᠨ᠎ᠠ᠃ | ︵8︶ ᠬᠤᠵᠢᠷᠰᠢᠭᠰᠠᠠ ᠪᠡᠯᠴᠢᠭᠡᠷ ᠲᠤ ᠶᠠᠭᠠᠭᠢᠵᠤ ᠡᠪᠡᠰᠤ ᠳᠠᠷᠢᠬᠤ ᠪᠤᠢ︖ | ᠬᠤᠵᠢᠷᠰᠢᠠᠠᠰᠠᠨ ᠪᠡᠯᠴᠢᠭᠡᠷ ᠲᠡᠭᠡᠷ᠎ᠡ ᠬᠤᠵᠢᠷᠳᠤᠯ ᠳᠤ ᠲᠠᠰᠪᠤᠷᠢᠳᠡᠢ ᠡᠪᠡᠰᠤ ᠲᠠᠷᠢᠬᠤ ᠳᠠᠭᠠᠨ ᠭᠤᠤᠴᠢᠯᠠᠵᠤ | ᠲᠡᠯᠡᠩ ᠪᠤᠰᠬᠠᠬᠤ᠂ ᠭᠦᠨ ᠭᠤᠤᠴᠢᠯᠠᠵᠤ᠂ ᠵᠤᠷᠠᠭᠠᠯᠠᠨ ᠲᠠᠷᠢᠬᠤ᠂ ᠭᠦᠨ ᠭᠤᠤᠴᠢᠯᠠᠵᠤ ᠰᠠᠭᠤᠯᠭᠠᠨ ᠲᠠᠷᠢᠬᠤ ᠵᠡᠷᠭᠡ | ᠠᠳᠠᠯᠢ ᠪᠤᠰᠤ ᠭᠡᠯᠪᠡᠷᠢ ᠶᠢᠨ ᠲᠠᠷᠢᠬᠤ ᠠᠷᠭ᠎ᠠ ᠶᠢ ᠭᠡᠷᠡᠭᠯᠡᠳᠡᠭ᠃ ᠭᠤᠤ ᠭᠠᠷᠭᠠᠵᠤ ᠲᠠᠯᠠᠩ ᠪᠤᠰᠬᠠᠬᠤ ᠶᠢᠨ ᠭᠤᠤᠯ | ᠦᠢᠯᠡᠳᠦᠯ ᠨᠢ ᠭᠡᠪᠡᠯ ᠭᠠᠵᠠᠷ ᠤᠨ ᠭᠠᠳᠠᠷᠭᠤ ᠶᠢ ᠬᠤᠳᠤᠭᠤᠷ ᠭᠦᠳᠦᠭᠦᠷ ᠪᠤᠯᠭᠠᠵᠤ᠂ ᠭᠦᠷᠦᠰᠤᠨ ᠳᠠᠬᠢ | ᠲᠠᠪᠤᠰᠤᠨ ᠤ ᠪᠦᠷᠢᠯᠳᠦᠭᠦᠨ ᠤ ᠲᠠᠷᠬᠠᠬᠤ ᠶᠢ ᠦᠭᠡᠷᠡᠴᠢᠯᠡᠵᠤ᠂ ᠲᠠᠪᠤᠰᠤ ᠶᠢ ᠤᠭᠢᠶᠠᠬᠤ ᠦᠷ᠎ᠠ ᠪᠦᠳᠦᠭᠡᠯ ᠢ | ᠨᠡᠮᠡᠭᠳᠡᠭᠦᠯᠵᠤ᠂ ᠭᠡᠳᠡᠷᠭᠦ ᠬᠤᠵᠢᠷᠰᠢᠬᠤ ᠶᠢ ᠬᠤᠷᠢᠠᠠᠯᠠᠵᠤ᠂ ᠬᠤᠵᠢᠷᠳᠤᠯ ᠤᠨ ᠭᠦᠨᠦᠭᠡᠯ ᠢ ᠪᠠᠭᠠᠰᠬᠠᠬᠤ ᠦᠢᠯᠡᠳᠦᠯ | ᠦᠵᠡᠭᠦᠯᠳᠡᠭ᠃ ᠪᠤᠳᠠᠳᠠᠢ ᠠᠷᠭ᠎ᠠ ᠭᠡᠮᠵᠢᠶ᠎ᠠ ᠨᠢ ᠭᠡᠪᠡᠯ ᠬᠤᠵᠢᠷᠰᠢᠠᠠᠰᠠᠨ ᠭᠠᠵᠠᠷ ᠤᠨ ᠨᠦᠭᠦᠴᠡᠯ ᠢ ᠦᠨᠳᠤᠰᠦᠯᠡᠵᠤ᠂ | ᠲᠤᠬᠠᠢ ᠶᠢᠨ ᠭᠠᠵᠠᠷ ᠤᠨ ᠪᠠᠶᠢᠳᠠᠯ ᠳᠤ ᠲᠤᠭᠢᠷᠠᠭᠤᠯᠤᠨ᠂ ᠠᠳᠠᠯᠢ ᠪᠤᠰᠤ ᠭᠡᠮᠵᠢᠶᠠᠨ ᠤ ᠭᠤᠤ ᠲᠠᠯᠠᠩ ᠭᠠᠷᠭᠠᠨ᠎ᠠ᠃ | ᠶᠠᠷᠤ ᠶᠢᠨ ᠪᠠᠶᠢᠳᠠᠯ ᠲᠤᠤᠷ᠎ᠡ ᠭᠤᠤ ᠶᠢᠨ ᠦᠷᠭᠡᠨ ᠢ 0.5~1.0m᠂ ᠲᠠᠯᠠᠩ ᠤᠨ ᠦᠷᠭᠡᠨ ᠢ 0.5~1. 0m᠂ | ᠦᠨᠳᠤᠷ ᠤᠨ ᠭᠡᠮᠵᠢᠶ᠎ᠠ ᠶᠢ 0.4~0.6m ᠪᠠᠶᠢᠯᠭᠠᠵᠤ᠂ ᠲᠡᠯᠡᠩ ᠪᠤᠯᠤᠨ ᠭᠤᠤ ᠳᠤ ᠵᠤᠷᠠᠭᠠᠯᠠᠨ ᠲᠠᠷᠢᠬᠤ ᠪᠠ | ᠰᠠᠭᠤᠯᠭᠠᠨ ᠲᠠᠷᠢᠵᠤ᠂ ᠶᠠᠷᠦᠩᠭᠡᠢ ᠳᠡᠭᠡᠨ ᠲᠠᠷᠢᠵᠤ ᠰᠠᠭᠤᠯᠭᠠᠬᠤ ᠭᠦᠨ ᠢ 3~5cm ᠢᠶᠠᠷ ᠡᠵᠡᠮᠰᠢᠨ᠎ᠠ᠃ | | | ︵ᠢᠷᠡᠯᠲᠡ᠄ ᠪᠦᠷᠢᠨᠪᠠᠶᠠᠷ᠂ ᠮᠦᠩᠬᠡᠪᠠᠭᠠᠲᠤᠷ᠂ ᠬᠤᠩ ᠮᠧᠢ ᠨᠠᠷ ᠤᠨ ᠨᠠᠶᠢᠷᠠᠭᠤᠯᠤᠭᠰᠠᠨ ︽ᠮᠠᠯᠵᠢᠯ ᠤᠨ | ᠮᠡᠳᠡᠯᠭᠡ ᠮᠡᠷᠭᠡᠵᠢᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ | | |