ᠮᠣᠩᠭᠤᠯᠴᠤᠳ ᠡᠷᠲᠡ ᠳᠡᠭᠡᠳᠦ ᠦᠶ᠎ᠡ ᠠᠴᠠ ᠭᠦᠮᠦᠨ ᠪᠠᠶᠢᠭᠠᠯᠢ ᠭᠦᠢ ᠨᠢᠭᠡᠲᠡᠢ ᠭᠡᠵᠦ ᠦᠵᠡᠨ ᠨᠤᠲᠤᠭ | ᠤᠰᠤ ᠪᠠᠨ ᠳᠡᠭᠡᠳᠦᠯᠡᠨ ᠰᠢᠲᠦᠵᠦ᠂ ᠬᠠᠶᠢᠷᠠᠯᠠᠨ ᠬᠠᠮᠠᠭᠠᠯᠠᠵᠤ ᠠᠷᠪᠢᠴᠢ ᠭᠠᠮᠲᠡᠢ ᠠᠰᠢᠭᠯᠠᠵᠤ᠂ ᠡᠶ᠎ᠡ ᠵᠣᠭᠢᠴᠠᠯᠲᠠᠢ | ᠣᠷᠣᠰᠢᠨ ᠠᠮᠢᠳᠤᠷᠠᠵᠤ ᠢᠷᠡᠭᠰᠡᠨ ᠪᠦᠭᠡᠳ ᠪᠠᠶᠢᠭᠠᠯᠢ ᠣᠷᠴᠢᠨ ᠲᠣᠭᠤᠷᠢᠨ ᠢᠶᠠᠨ ᠠᠰᠢᠭᠯᠠᠵᠤ ᠬᠠᠮᠠᠭᠠᠯᠠᠬᠤ ᠵᠠᠩ | ᠵᠢᠷᠤᠮ᠂ ᠴᠡᠭᠡᠷ ᠶᠣᠰᠤ ᠶᠢ ᠤᠯᠠᠮᠵᠢᠯᠠᠭᠰᠠᠨ ᠪᠠᠶᠢᠳᠠᠭ᠃ | 1᠂ ᠨᠠᠭᠤᠷ ᠪᠤᠯᠠᠭ ᠤᠨ ᠡᠭᠢ ᠶᠢ ᠮᠠᠯᠲᠠᠵᠤ᠂ ᠵᠠᠳᠠᠭᠠᠶᠢᠯᠠᠵᠤ ᠭᠦᠡᠳᠡᠭᠦ ᠶᠢ ᠭᠠᠵᠠᠷ ᠯᠤᠤᠰ ᠭᠢᠯᠢᠩᠨᠠᠨᠠ ᠭᠡᠵᠦ | ᠴᠡᠭᠡᠷᠯᠡᠨ᠎ᠡ᠃ | 2᠂ ᠨᠠᠭᠤᠷ ᠪᠣᠯᠠᠭ ᠤᠨ ᠤᠰᠤᠨ ᠳᠤ ᠪᠤᠵᠠᠷ ᠪᠤᠷᠲᠠᠭ ᠶᠠᠭᠤᠮ᠎ᠠ ᠪᠤᠶᠤ ᠬᠤᠭ ᠨᠣᠪᠰᠢ ᠬᠠᠶᠠᠪᠠᠯ ᠪᠤᠯᠠᠭ ᠤᠨ | ᠤᠰᠤᠨ ᠰᠢᠷᠭᠡᠨᠡ ᠭᠡᠳᠡᠭ᠃ | 3᠂ ᠳᠤᠷ᠎ᠠ ᠵᠣᠷᠢᠭ ᠢᠶᠠᠷ ᠢᠶᠠᠨ ᠭᠠᠵᠠᠷ ᠮᠠᠯᠲᠠᠵᠤ ᠰᠢᠷᠣᠢ ᠴᠢᠯᠠᠭᠤ ᠭᠦᠳᠡᠯᠭᠡᠪᠡᠯ ᠭᠠᠢ ᠪᠠᠷᠴᠢᠳ ᠪᠣᠯᠣᠨ᠎ᠠ | ᠭᠡᠳᠡᠭ᠃ | 4᠂ ᠭᠠᠭᠴᠠ ᠮᠣᠳᠣ ᠪᠤᠶᠤ ᠨᠢᠭᠡ ᠦᠡᠳᠦᠰᠦ ᠲᠠᠢ ᠣᠯᠠᠨ ᠮᠣᠳᠣ ᠶᠢ ᠣᠭᠲᠤᠯᠠᠪᠠᠯ ᠡᠪᠡᠳᠴᠢᠨ ᠣᠷᠢᠶᠠᠨ᠎ᠠ | ᠭᠡᠳᠡᠭ᠃ | 5᠂ ᠨᠢᠯᠬ᠎ᠠ ᠮᠣᠳᠣ ᠪᠤᠷᠭᠠᠰᠤ ᠶᠢ ᠭᠡᠷᠴᠢᠪᠡᠯ ᠣᠷᠴᠢᠨ ᠲᠣᠭᠤᠷᠢᠨ ᠤ ᠮᠣᠳᠣ ᠪᠤᠷᠭᠠᠰᠤ ᠰᠢᠩᠭᠡᠷᠡᠨᠡ ᠭᠡᠳᠡᠭ᠃ | | 6᠂ ᠡᠪᠡᠰᠦ ᠤᠷᠭᠤᠮᠠᠯ ᠤᠨ ᠦᠷ᠎ᠡ ᠵᠢᠮᠢᠰ ᠨᠢ ᠪᠣᠯᠪᠠᠰᠤᠷᠠᠭᠠᠳ ᠦᠭᠡᠢ ᠦᠶ᠎ᠡ ᠳᠤ ᠬᠠᠳᠤᠪᠠᠯ ᠲᠦᠷᠦᠯ | ᠵᠦᠢᠯ ᠨᠢ ᠴᠦᠭᠡᠷᠡᠭᠦ ᠪᠤᠶᠤ ᠦᠡᠳᠦᠰᠦ ᠲᠠᠰᠤᠷᠠᠨ᠎ᠠ ᠭᠡᠳᠡᠭ᠃ | 7᠂ ᠲᠣᠭᠲᠠᠮᠠᠯ ᠨᠠᠭᠤᠷ ᠤᠨ ᠤᠰᠤᠨ ᠳᠤ ᠪᠡᠶ᠎ᠡ ᠤᠭᠢᠶᠠᠬᠤ ᠪᠤᠶᠤ ᠬᠤᠪᠴᠠᠰᠤ ᠤᠭᠢᠶᠠᠪᠠᠯ ᠤᠰᠤ ᠳᠤ | ᠪᠤᠵᠠᠷᠲᠤᠨ᠂ ᠠᠮᠢᠲᠠᠨ ᠭᠤᠣᠯᠲᠠᠨ ᠬᠤᠣᠷᠳᠠᠭᠳᠠᠨ᠎ᠠ ᠭᠡᠳᠡᠭ᠃ | 8᠂ ᠨᠠᠭᠤᠷ ᠪᠣᠯᠠᠭ ᠤᠨ ᠦᠢᠷ᠎ᠡ ᠤᠳᠠᠭᠠᠨ ᠵᠢᠯ ᠡᠪᠦᠯᠵᠢᠭᠦ ᠪᠣᠶᠣ ᠵᠣᠰᠠᠪᠠᠯ ᠨᠤᠲᠤᠭ ᠤᠰᠤ ᠴᠢᠯᠡᠨ᠎ᠡ ᠭᠡᠳᠡᠭ᠃ | | 9᠂ ᠠᠭᠤᠯᠠ ᠶᠢᠨ ᠣᠷᠭᠢᠯ ᠰᠠᠷᠠᠳᠠᠭ ᠪᠤᠶᠤ ᠣᠠᠴᠠᠭᠠᠢ ᠬᠠᠳᠠ ᠴᠢᠯᠠᠭᠤ ᠶᠢ ᠨᠤᠷᠠᠭᠠᠪᠠᠯ ᠨᠤᠲᠤᠭ ᠤᠰᠤ | ᠰᠢᠯᠭᠡᠨᠡ ᠭᠡᠳᠡᠭ᠃ | 10᠂ ᠨᠠᠭᠤᠷ ᠪᠤᠯᠠᠭ ᠤᠨ ᠦᠢᠷ᠎ᠡ ᠭᠡᠭᠦᠷ ᠣᠩᠭᠤᠨ ᠲᠠᠯᠪᠢᠪᠠᠯ ᠨᠤᠲᠤᠭ ᠤᠰᠤᠨ ᠳᠤ ᠬᠠᠷᠰᠢ ᠪᠣᠯᠤᠨ᠎ᠠ | ᠭᠡᠳᠡᠭ᠃ | 11᠂ ᠮᠣᠩᠭᠤᠯ ᠠᠶᠠᠨ ᠵᠢᠩᠴᠢᠳ ᠭᠦᠮᠦᠨ ᠤ ᠨᠤᠲᠤᠭ ᠲᠤ ᠳᠤᠷ᠎ᠠ ᠪᠠᠷ ᠵᠤᠤᠬ᠎ᠠ ᠵᠣᠭᠤᠷᠢ ᠶᠢᠨ ᠨᠦᠭᠡ | ᠮᠠᠯᠲᠠᠬᠤ ᠶᠢ ᠴᠡᠭᠡᠷᠯᠡᠨ᠂ ᠵᠢᠯ ᠪᠦᠷᠢ ᠵᠠᠪᠠᠯ ᠬᠠᠭᠤᠴᠢᠨ ᠦᠷᠳᠡᠭᠡ ᠪᠠᠭᠤᠴᠠ ᠳᠡᠭᠡᠷ᠎ᠡ ᠪᠠᠨ ᠭᠦᠷᠴᠦ ᠲᠣᠭᠤᠭᠠᠯᠠᠨᠠ᠃ | | 12᠂ ᠨᠤᠲᠤᠭ ᠪᠠᠭᠤᠴᠠ ᠳᠡᠭᠡᠷ᠎ᠡ ᠪᠠᠨ ᠵᠤᠤᠬ᠎ᠠ ᠵᠤᠭᠤᠷᠢ ᠪᠤᠶᠤ ᠪᠣᠯᠠᠭᠠᠷᠢ ᠶᠢᠨ ᠨᠦᠭᠡ ᠮᠠᠯᠲᠠᠪᠠᠯ | ᠨᠡᠭᠦᠭᠦ ᠳᠡᠭᠡᠨ ᠡᠷᠭᠡᠪᠰᠢ ᠪᠤᠯᠠᠵᠤ᠂ ᠵᠠᠳᠠᠭᠠᠢ ᠬᠠᠶᠠᠬᠤ ᠶᠢ ᠴᠡᠭᠡᠷᠯᠡᠨ᠎ᠡ᠃ | 13᠂ ᠡᠪᠡᠰᠦ ᠨᠤᠭᠤᠭᠠᠨ ᠤ ᠤᠷᠭᠤᠴᠠ ᠶᠢᠨ ᠴᠠᠭ ᠬᠤᠭᠤᠴᠠᠭᠠᠨ ᠳᠤ ᠲᠡᠷᠭᠡ ᠭᠦᠰᠭᠡ ᠪᠠᠷ ᠰᠢᠨ᠎ᠡ ᠵᠠᠮ | ᠭᠠᠷᠭᠠᠬᠤ ᠶᠢ ᠴᠡᠭᠡᠷᠯᠡᠨ᠎ᠡ᠃ | 14᠂ ᠭᠤᠣᠯ ᠤᠨ ᠤᠰᠤᠨ ᠤ ᠦᠢᠷ᠎ᠡ ᠪᠡᠶ᠎ᠡ ᠵᠠᠰᠠᠬᠤ ᠶᠢ ᠴᠡᠭᠡᠷᠯᠡᠨ᠎ᠡ᠃ | 15᠂ᠲᠠᠭᠢᠯᠭ᠎ᠠ ᠰᠢᠲᠦᠭᠡᠨ ᠲᠠᠢ ᠣᠪᠣᠭ᠎ᠠ ᠪᠤᠯᠠᠭ ᠤᠨ ᠳᠡᠷᠭᠡᠳᠡ ᠪᠠᠷ ᠬᠠᠷᠢᠶᠠᠯ ᠲᠠᠯᠪᠢᠵᠦ ᠦᠩᠭᠡᠷᠡᠭᠦ ᠶᠢ | ᠴᠡᠭᠡᠷᠯᠡᠨ᠎ᠡ᠃ | 16᠂ ᠨᠠᠭᠤᠷ ᠤᠨ ᠤᠰᠤᠨ ᠤ ᠬᠤᠵᠢᠷ᠂ ᠳᠠᠪᠤᠰᠤ ᠶᠢ ᠴᠠᠭ ᠬᠤᠭᠤᠴᠠᠭ᠎ᠠ ᠦᠭᠡᠢ᠂ ᠭᠡᠮᠵᠢᠶ᠎ᠡ ᠲᠣᠮᠵᠢᠶ᠎ᠠ | ᠦᠭᠡᠢ ᠠᠪᠬᠤ ᠪᠤᠶᠤ ᠵᠦᠭᠡᠭᠡᠭᠦ ᠶᠢ ᠴᠡᠭᠡᠷᠯᠡᠨ᠎ᠡ᠃ | 17᠂ ᠪᠤᠯᠠᠭ ᠤᠨ ᠤᠰᠤᠨ ᠤ ᠭᠦᠪᠡᠭᠡᠨ ᠳᠠᠬᠢ ᠮᠣᠳᠣ ᠶᠢ ᠳᠤᠷ᠎ᠠ ᠪᠠᠷ ᠤᠭᠲᠤᠯᠠᠬᠤ ᠶᠢ ᠴᠡᠭᠡᠷᠯᠡᠨ᠎ᠡ᠃ |