ᠮᠤᠩᠭᠤᠯ ᠮᠠᠯᠵᠢᠯ ᠤᠨ ᠰᠣᠶᠣᠯ ᠵᠠᠩᠰᠢᠯ ᠳᠤ ᠴᠡᠭᠡᠷ ᠪᠠᠯᠭᠡᠳᠡᠯ ᠤᠨ ᠵᠦᠢᠯᠡᠰ ᠲᠣᠩ ᠠᠷᠪᠢᠨ ᠪᠠᠶᠢᠳᠠᠭ ᠲᠠᠢ | ᠠᠳᠠᠯᠢ ᠪᠠᠷ ᠠᠯᠠᠱᠠ ᠮᠤᠩᠭᠤᠯᠴᠤᠳ ᠤᠨ ᠮᠠᠯᠵᠢᠯ ᠤᠨ ᠤᠶᠢᠯᠠᠰ ᠲᠣᠮᠳᠠ ᠴᠦ ᠴᠠᠭᠡᠷ ᠪᠠᠯᠭᠡᠳᠠᠯ ᠤᠨ ᠵᠦᠢᠯᠠᠰ | ᠶᠠᠭᠡᠭᠡᠨ ᠪᠠᠶᠢᠷᠢ ᠲᠠᠢ ᠪᠠᠶᠢᠳᠠᠭ᠃ ᠲᠠᠮᠡᠭᠡ ᠲᠠᠢ ᠬᠤᠯᠪᠣᠭᠳᠠᠬᠤ ᠴᠠᠭᠡᠷ ᠪᠠᠯᠭᠡᠳᠡᠯ ᠤᠨ ᠶᠣᠰᠣ ᠵᠠᠩᠰᠢᠯ ᠪᠤᠯ ᠲᠠᠭᠦᠨ ᠤ | ᠲᠤᠳᠣᠷᠠᠭᠢ ᠨᠢᠭᠡ ᠭᠡᠰᠡᠭ ᠪᠤᠯᠬᠤ ᠴᠢᠬᠤᠯᠡ ᠠᠭᠤᠯᠭ᠎ᠠ ᠶᠤᠮ᠃ ᠡᠳᠡᠭᠡᠷ ᠴᠡᠭᠡᠷ ᠪᠡᠯᠭᠡᠳᠠᠯ ᠤᠨ ᠤᠯᠠᠩᠬᠢ ᠨᠢ | ᠬᠠᠮᠵᠢᠯᠴᠠᠭ᠎ᠠ ᠭᠦᠨᠳᠣᠳᠭᠡᠯ᠂ ᠤᠶᠢᠯᠡ ᠶᠠᠪᠤᠳᠠᠯ ᠤᠨ ᠪᠦᠳᠣᠮᠵᠢ᠂ ᠡᠷᠡᠭᠦᠯ ᠡᠰᠠᠡ ᠪᠠ ᠮᠠᠯ ᠤᠨᠤᠭ᠎ᠠ ᠪᠠᠨ | ᠬᠠᠶᠢᠷᠠᠯᠠᠵᠦ ᠭᠠᠮᠨᠠᠵᠦ᠂ ᠰᠤᠷᠭᠠᠯ ᠭᠢᠴᠢᠶᠠᠮᠵᠢ ᠶᠢᠨ ᠬᠠᠳᠠᠭᠤ ᠴᠢᠩᠭ᠎ᠠ ᠶᠣᠰᠣ ᠵᠠᠩᠰᠢᠯ ᠪᠤᠯᠬᠤ ᠶᠤᠮ᠃ | 1. ᠠᠶᠢᠯ ᠳᠤ ᠤᠴᠢᠬᠤ ᠳᠠᠭᠠᠨ ᠵᠠᠪᠠᠯ ᠬᠤᠳᠠᠨ ᠵᠠᠬ᠎ᠠ ᠳᠤ ᠲᠡᠮᠡᠭᠡᠨ ᠠᠴᠠ ᠪᠠᠨ ᠪᠠᠭᠤᠨ᠎ᠠ᠃ ᠠᠶᠢᠯ ᠤᠨ | ᠤᠶᠠᠭᠠᠨ ᠲᠡᠭᠡᠷ᠎ᠡ ᠢᠷᠡᠭᠡᠳ ᠲᠡᠮᠡᠭᠡᠨ ᠠᠴᠠ ᠪᠠᠨ ᠪᠠᠭᠤᠬᠤ ᠪᠤᠯ ᠶᠠᠮᠠᠷ ᠨᠢᠭᠡᠨ ᠠᠵᠠ ᠪᠤᠰᠣ ᠤᠴᠢᠷ ᠲᠤ | ᠲᠤᠬᠢᠶᠠᠯᠳᠣᠭᠰᠠᠨ ᠢᠶᠠᠷ ᠲᠦᠯᠣᠭᠡᠯᠡᠭᠦ ᠲᠣᠯᠡ ᠢᠩᠬᠢᠭᠦ ᠶᠢ ᠴᠠᠭᠡᠷᠯᠡᠨ᠎ᠠ᠃ | 2. ᠠᠶᠢᠯ ᠤᠨ ᠤᠶᠠᠭᠠᠨ ᠲᠡᠭᠡᠷ᠎ᠡ ᠲᠡᠮᠡᠭᠡ ᠪᠠᠨ ᠤᠨᠤᠬᠤ ᠪᠤᠯ ᠠᠶᠢᠯ ᠤᠨ ᠡᠵᠡᠨ᠂ ᠨᠡᠩ ᠴᠦ ᠭᠦᠭᠰᠢᠳ | ᠨᠠᠰᠣᠳᠠᠶᠢᠴᠤᠳ ᠢ ᠭᠦᠨᠳᠣᠯᠡᠭᠰᠡᠨ ᠦᠭᠡᠢ ᠪᠠᠷ ᠦᠵᠡᠳᠡᠭ ᠲᠤᠯᠡ ᠴᠢᠩᠭ᠎ᠠ ᠴᠠᠭᠡᠷᠯᠠᠨ᠎ᠠ᠃ | 3. ᠪᠤᠰᠣᠳ ᠢᠶᠠᠷ ᠲᠠᠮᠡᠭᠡᠨ ᠤ ᠪᠠᠨ ᠬᠠᠮᠠᠷ ᠢ ᠲᠠᠷᠦᠭᠤᠯᠵᠦ ᠪᠠᠶᠢᠭᠠᠳ ᠤᠨᠤᠬᠤ ᠶᠢ ᠴᠠᠭᠡᠷᠯᠠᠨ᠎ᠠ᠃ ᠡᠨᠡ ᠨᠢ | ᠭᠦᠭᠰᠢᠨ ᠬᠦᠮᠦᠨ ᠪᠠ ᠡᠪᠳᠴᠢᠨ ᠲᠠᠢ ᠵᠠᠮᠳᠡᠭ ᠬᠦᠮᠦᠨ ᠳᠤ ᠲᠤᠬᠢᠶᠠᠯᠳᠣᠬᠤ ᠤᠴᠢᠷ ᠲᠣᠯᠡ ᠴᠢᠩᠭ᠎ᠠ ᠴᠠᠭᠡᠷᠯᠠᠨ᠎ᠠ᠃ | | 4. ᠠᠶᠢᠯ ᠤᠨ ᠬᠤᠳᠠᠨ ᠲᠤᠮᠳᠠᠭᠤᠷ ᠲᠡᠮᠡᠭᠡ ᠲᠠᠢ ᠪᠠᠨ ᠭᠠᠳᠣᠯᠬᠤ ᠨᠢ ᠠᠶᠢᠯ ᠢ ᠲᠤᠷᠤᠮᠵᠢᠯᠠᠵᠦ ᠪᠠᠶᠢᠬᠤ᠂ | ᠮᠤᠷᠠᠯ ᠦᠭᠡᠢ ᠪᠠᠷ ᠦᠵᠡᠭᠦ ᠲᠣᠯᠡ ᠴᠢᠩᠭ᠎ᠠ ᠴᠠᠭᠡᠷᠯᠠᠨ᠎ᠠ᠃ | 5. ᠪᠠᠯᠴᠢᠭᠡᠷ ᠲᠤ ᠪᠠᠶᠢᠭ᠎ᠠ ᠮᠠᠯ ᠲᠡᠮᠡᠭᠡᠨ ᠰᠦᠷᠤᠭ᠌ ᠤᠨ ᠲᠤᠮᠳᠠᠭᠤᠷ ᠵᠦᠰᠣᠵᠦ ᠭᠠᠳᠣᠯᠬᠤ ᠪᠤᠯ ᠠᠶᠢᠯ ᠤᠨ | ᠮᠠᠯ ᠰᠦᠷᠣᠭ᠌ ᠢ ᠤᠶᠢᠮᠡᠭᠦᠯᠵᠦ᠂ ᠠᠶᠢᠯ ᠤᠨ ᠮᠠᠯ ᠭᠦᠷᠣᠩᠭᠡ ᠶᠢ ᠨᠢᠳᠣᠨ ᠳᠡᠭᠡᠨ ᠬᠠᠪᠴᠢᠠᠠᠰᠡᠨ ᠦᠭᠡᠢ ᠪᠠᠷ ᠦᠵᠠᠭᠦ | ᠲᠣᠯᠡ ᠴᠢᠩᠭ᠎ᠠ ᠴᠠᠭᠡᠷᠯᠡᠳᠡᠭ᠃ | 6. ᠮᠠᠯ ᠲᠡᠮᠡᠭᠡᠨ ᠤ ᠡᠷᠢᠯ ᠳᠤ ᠶᠠᠪᠤᠬᠤ ᠵᠠᠮ ᠳᠤ ᠠᠶᠢᠯ ᠤᠨ ᠮᠠᠯ ᠰᠦᠷᠣᠭ᠌ ᠲᠠᠭᠠᠷᠠᠯᠳᠣᠪᠠᠯ ᠤᠷᠢᠳᠠᠵᠦ | ᠰᠦᠷᠣᠭ᠌ ᠤᠨ ᠡᠵᠡᠨ ᠠᠴᠠ ᠡᠷᠢᠯ ᠢᠶᠠᠨ ᠰᠣᠷᠬᠠᠯᠠᠳᠠᠭ᠃ ᠬᠠᠷᠢᠨ ᠰᠢᠭᠤᠳ ᠠᠶᠢᠯ ᠤᠨ ᠰᠦᠷᠣᠭ᠌ ᠠᠴᠠ ᠱᠦᠭᠦᠷᠳᠠᠵᠦ | ᠦᠵᠡᠭᠦ ᠶᠢ ᠴᠠᠭᠡᠷᠯᠠᠨ᠎ᠠ᠃ ᠡᠨᠡ ᠨᠢ ᠰᠦᠷᠣᠭ᠌ ᠤᠨ ᠡᠵᠠᠨ ᠢ ᠢᠳᠡᠭᠡᠭᠰᠡᠨ ᠦᠭᠡᠢ ᠤᠴᠢᠷ ᠪᠤᠯᠤᠨ᠎ᠠ᠃ | 7. ᠠᠶᠢᠯ ᠳᠤ ᠪᠤᠷᠠᠨᠳᠠᠭ ᠪᠦᠰᠠᠯᠠᠵᠦ ᠤᠷᠤᠬᠤ ᠶᠢ ᠴᠠᠭᠡᠷᠯᠠᠨ᠎ᠠ᠃ ᠪᠤᠷᠠᠨᠳᠠᠭ ᠪᠦᠰᠠᠯᠠᠵᠦ ᠠᠶᠢᠯ ᠳᠤ | ᠣᠷᠣᠬᠤ ᠨᠢ ᠶᠠᠯ᠎ᠠ ᠭᠡᠮ ᠲᠠᠢ ᠭᠦᠮᠦᠨ ᠢ ᠪᠠᠷᠢᠵᠦ ᠭᠦᠯᠢᠭᠦ ᠪᠠᠷ ᠶᠠᠪᠤᠭ᠎ᠠ ᠭᠡᠵᠦ ᠦᠵᠡᠭᠦ ᠲᠤᠯᠠ ᠰᠠᠨᠠᠭᠠᠨ ᠳᠤ ᠦᠭᠡᠢ | ᠲᠡᠭᠡᠰᠤ ᠪᠦᠰᠠᠯᠡᠵᠦ ᠠᠶᠢᠯ ᠳᠤ ᠤᠷᠤᠪᠠᠯ ︽ᠪᠢᠳᠠ ᠶᠠᠮᠠᠷ ᠭᠡᠷᠡᠭ ᠲᠤ ᠲᠡᠳᠠᠭᠳᠠᠭᠠ ᠪᠤᠢ︖︾ ᠭᠡᠵᠦ ᠭᠡᠷ ᠤᠨ | ᠡᠵᠡᠨ ᠣᠬᠤᠴᠢᠯᠠᠳᠠᠭ ᠨᠢ ᠤᠴᠢᠷ ᠲᠠᠢ ᠶᠤᠮ᠃ | 8. ᠭᠡᠷ ᠤᠨ ᠪᠦᠰᠡᠯᠡᠭᠦᠷ ᠪᠤᠶᠤ ᠬᠠᠭᠠᠯᠭᠠᠨ ᠠᠴᠠ ᠲᠡᠮᠡᠭᠡ ᠤᠶᠠᠬᠤ ᠶᠢ ᠴᠠᠭᠡᠷᠯᠠᠨ᠎ᠠ᠃ ᠡᠨᠡ ᠨᠢ ᠠᠶᠢᠯ ᠢ | ᠲᠤᠷᠤᠮᠵᠢᠯᠠᠵᠦ ᠪᠠᠶᠢᠬᠤ ᠪᠠ ᠠᠵᠠ ᠪᠤᠰᠣ ᠭᠡᠷᠡᠭ ᠪᠤᠯᠤᠭᠰᠠᠨ ᠢᠶᠠᠷ ᠦᠵᠡᠳᠡᠭ᠃ | 9. ᠡᠭᠦᠳᠡᠨ ᠤ ᠭᠤᠤᠯ ᠳᠤ ᠲᠡᠮᠡᠭᠡ ᠭᠡᠪᠳᠠᠭᠦᠯᠭᠦ ᠶᠢ ᠴᠠᠭᠡᠷᠯᠡᠳᠡᠭ᠃ ᠦᠭᠦᠳᠡᠯ ᠭᠡᠭᠦᠷ ᠭᠠᠷᠭᠠᠬᠤ ᠳᠤ ᠯᠡ | ᠲᠡᠮᠡᠭᠡ ᠶᠢ ᠡᠭᠦᠳᠡᠨ ᠤ ᠬᠠᠪᠢ ᠳᠤ ᠭᠡᠪᠳᠡᠭᠦᠯᠵᠤ ᠠᠴᠢᠳᠠᠭ ᠲᠣᠯᠡ ᠡᠭᠦᠨ ᠢ ᠴᠢᠩᠭ᠎ᠠ ᠴᠠᠭᠡᠷᠯᠠᠳᠡᠭ᠃ | 10. ᠶᠠᠪᠤᠳᠠᠯ ᠤᠷᠳᠣᠳᠠᠨᠠ ᠭᠡᠵᠦ ᠰᠣᠯᠡ ᠲᠦᠷᠤᠭᠡ ᠬᠠᠷᠰᠢᠭᠤᠯᠬᠤ ᠶᠢ ᠲᠠᠰᠣ ᠬᠤᠷᠢᠭᠯᠠᠨ᠎ᠠ᠃ | 11. ᠠᠯᠢᠪᠠ ᠶᠠᠪᠤᠳᠠᠯ ᠳᠤ ᠮᠤᠷᠳᠠᠬᠤ ᠦᠶ᠎ᠡ ᠳᠤ ᠤᠨᠤᠭᠠᠨ ᠤ ᠲᠡᠮᠡᠭᠡ ᠡᠪᠰᠢᠶᠠᠪᠠᠯ ᠤᠴᠢᠷ ᠶᠠᠪᠤᠳᠠᠯ | ᠢᠯᠭᠤᠮ ᠪᠠᠶᠠᠯᠡᠭᠳᠠᠨᠠ ᠭᠡᠵᠦ ᠪᠠᠯᠭᠡᠰᠢᠶᠠᠨᠠ᠃ | 12᠂ ᠮᠤᠩᠭᠤᠯᠴᠣᠳ ᠭᠦᠢᠳᠠᠨ ᠬᠤᠰᠢᠭᠤ ᠲᠠᠢ ᠮᠠᠯ ᠮᠢᠬ᠎ᠠ ᠶᠢ ᠡᠷᠭᠦᠯ ᠲᠠᠬᠢᠯᠭ᠎ᠠ ᠳᠤ ᠡᠷᠭᠦᠳᠡᠭ ᠦᠭᠡᠢ | ᠲᠣᠯᠡ ᠲᠡᠮᠡᠭᠡᠨ ᠮᠢᠬ᠎ᠠ ᠶᠢ ᠡᠷᠭᠦᠯ ᠲᠠᠬᠢᠯᠭ᠎ᠠ ᠳᠤ ᠭᠡᠷᠡᠭᠰᠡᠭᠦ ᠶᠢ ᠴᠠᠭᠡᠷᠯᠠᠳᠡᠭ᠃ | 13. ᠲᠡᠮᠡᠭᠡᠨ ᠤ ᠪᠠᠨ ᠪᠤᠷᠠᠨᠳᠠᠭ ᠢ ᠠᠪᠴᠤ ᠲᠠᠯᠪᠢᠬᠤ ᠦᠶ᠎ᠠ ᠳᠤ ᠵᠠᠪᠠᠯ ᠤᠷᠢᠳ ᠢᠶᠠᠷ ᠤᠶᠠᠭ᠎ᠠ | ᠲᠠᠯ᠎ᠠ ᠶᠢ ᠨᠢ ᠲᠠᠶᠢᠯᠵᠦ᠂ ᠠᠷᠦ ᠳᠤᠨᠢ ᠪᠦᠢᠯᠡ ᠠᠴᠠ ᠨᠢ ᠮᠤᠯᠳᠣᠯᠳᠠᠭ᠃ | 14. ᠲᠡᠮᠡᠭᠡᠨ ᠤ ᠲᠤᠬᠤᠮ ᠢᠶᠠᠨ ᠡᠷᠭᠢᠭᠦᠯᠵᠦ ᠲᠣᠬᠤᠬᠤ ᠪᠤᠶᠤ ᠬᠤᠶᠢᠰᠢ ᠬᠠᠨᠳᠣᠭᠤᠯᠵᠦ ᠲᠣᠬᠤᠬᠤ ᠶᠢ | ᠴᠠᠭᠡᠷᠯᠠᠨ᠎ᠠ᠃ ᠮᠠᠯ ᠤᠨ ᠵᠠᠶᠠᠭ᠎ᠠ ᠬᠠᠵᠠᠶᠢᠨ᠎ᠠ ᠭᠡᠳᠡᠭ᠃ | 15. ᠲᠡᠮᠡᠭᠡᠨ ᠤ ᠪᠤᠷᠠᠨᠳᠠᠭ ᠢ ᠴᠣᠬᠤᠷ ᠲᠠᠮᠤᠳᠠᠭ ᠦᠭᠡᠢ᠃ ᠡᠷᠯᠢᠭ ᠤᠨ ᠴᠠᠯᠮ᠎ᠠ ᠴᠤᠬᠤᠷ ᠭᠡᠰᠡᠨ ᠦᠭᠡ | ᠪᠠᠶᠢᠳᠠᠭ ᠲᠣᠯᠡ ᠨᠢᠭᠦᠯ ᠭᠡᠮᠡᠨ ᠴᠠᠭᠡᠷᠯᠡᠳᠡᠭ᠃ | 16. ᠢᠩᠭᠡ ᠪᠠᠨ ᠰᠠᠭᠠᠵᠦ ᠲᠦᠭᠦᠷᠪᠠᠯ ᠲᠡᠮᠡᠭᠡ ᠪᠠᠯᠴᠢᠭᠦ ᠠᠴᠠ ᠡᠮᠤᠨ᠎ᠠ ᠰᠠᠴᠦᠯᠢ ᠡᠷᠭᠦᠵᠦ᠂ ᠰᠦ ᠪᠠᠨ | ᠭᠡᠷ ᠲᠡᠭᠡᠨ ᠲᠠᠯᠪᠢᠭᠠᠳ ᠲᠡᠮᠡᠭᠡ ᠪᠠᠨ ᠪᠠᠯᠴᠢᠭᠡᠳᠡᠭ᠃ | 17᠂ ᠲᠡᠮᠡᠭᠡᠨ ᠤ ᠪᠣᠷᠠᠨᠳᠠᠭ᠂ ᠨᠤᠭᠳᠣ ᠵᠠᠷᠭᠡ ᠡᠳ᠋ᠯᠡᠯ ᠢ ᠭᠡᠷ ᠤᠨ ᠪᠠᠷᠠᠭᠤᠨ ᠲᠠᠯ᠎ᠠ ᠶᠢᠨ ᠬᠠᠨ᠎ᠠ ᠶᠢᠨ | ᠲᠤᠯᠤᠭᠠᠢ ᠠᠴᠠ ᠡᠯᠭᠦᠵᠦ ᠬᠤᠷᠢᠶᠠᠳᠠᠭ᠃ ᠬᠠᠷᠢᠨ ᠬᠠᠮᠢᠶ᠎ᠠ ᠦᠭᠡᠢ ᠭᠦᠰᠠᠷ ᠲᠤ ᠬᠠᠶᠠᠳᠠᠭ ᠦᠭᠡᠢ᠃ | 18. ᠤᠷᠤᠢ ᠶᠢᠨ ᠲᠡᠮᠡᠭᠡ ᠰᠠᠷᠢᠭᠦᠯᠭᠡᠵᠦ ᠪᠠᠶᠢᠪᠠᠯ ᠲᠡᠭᠷᠢ ᠮᠠᠭᠤᠳᠠᠨ᠎ᠠ᠃ | 19᠂ ᠲᠡᠮᠡᠭᠡ ᠬᠤᠳᠠᠯᠳᠣᠪᠠᠯ ᠪᠤᠶᠠᠨ ᠵᠠᠶᠠᠭ᠎ᠠ ᠨᠢ ᠬᠤᠴᠤᠷᠤᠭ ᠭᠡᠵᠦ ᠪᠣᠷᠠᠨᠳᠠᠭ ᠢᠶᠠᠨ ᠦᠯᠡᠳᠡᠭᠡᠵᠦ ᠠᠪᠳᠠᠭ᠃ | | 20. ᠬᠠᠶᠢᠮᠠᠯ ᠢᠩᠭᠡᠨ ᠳᠤ ᠭᠦ᠋ ᠲᠠᠢ ᠲᠣᠭᠤᠭ᠎ᠠ ᠠᠴᠢᠪᠠᠯ ᠵᠤᠯᠪᠤᠨᠠ ᠭᠡᠵᠦ ᠴᠠᠭᠡᠷᠯᠡᠳᠡᠭ᠃ | |