ᠬᠤᠪᠢ ᠶᠢᠨ ᠪᠦᠲᠦᠭᠡᠯ ᠵᠣᠬᠢᠶᠠᠭᠴᠢ᠄ ᠤᠷᠢᠶᠠᠩᠬᠠᠨ ᠤ᠂ ᠶᠤᠨᠳᠤᠨ | | | ᠪᠡᠯᠴᠢᠭᠡᠷ ᠤᠨ ᠠᠮᠢ ᠠᠬᠤᠢ ᠶᠢᠨ ᠤᠬᠠᠭᠠᠨ ᠪᠤᠯ ᠮᠠᠨ ᠤ ᠦᠪᠦᠷ ᠮᠤᠩᠭᠤᠯ ᠤᠷᠤᠨ ᠤ ᠲᠠᠯ᠎ᠠ ᠨᠤᠲᠤᠭ ᠤᠨ | ᠰᠤᠶᠤᠯ ᠰᠤᠳᠤᠯᠤᠯ ᠤᠨ ᠭᠤᠤᠯ ᠠᠭᠤᠯᠠᠭᠳᠠᠬᠤᠨ ᠪᠠᠶᠢᠵᠦ᠂ ᠨᠡᠭᠦᠳᠡᠯ ᠮᠠᠯᠵᠢᠯ ᠢ ᠰᠤᠳᠤᠯᠬᠤ ᠳᠤ ᠦᠨᠳᠤᠰᠤᠨ | ᠭᠤᠭᠴᠤᠭ᠎ᠠ ᠪᠤᠯᠤᠨ᠎ᠡ᠃ | ᠶᠠᠭᠤ ᠶᠢ ᠪᠡᠯᠴᠢᠭᠡᠷ ᠤᠨ ᠠᠮᠢ ᠠᠬᠤᠢ ᠭᠡᠬᠦ ᠪᠤᠢ︖ ᠪᠡᠯᠴᠢᠭᠡᠷ ᠤᠨ ᠠᠮᠢ ᠠᠬᠤᠢ ᠭᠡᠳᠡᠭ ᠪᠤᠯ ᠨᠡᠭᠦᠳᠡᠯ | ᠮᠠᠯᠵᠢᠯ ᠤᠨ ᠦᠢᠯᠡᠳᠪᠦᠷᠢᠯᠡᠯ ᠤᠨ ᠦᠨᠳᠦᠰᠦᠨ ᠬᠡᠷᠡᠭᠴᠡᠭᠡ ᠶᠢ ᠬᠠᠩᠭᠠᠳᠠᠭ ᠲᠡᠯ᠎ᠡ ᠨᠤᠲᠤᠭ ᠤᠨ ᠤᠯᠠᠨ | ᠲᠦᠷᠦᠯ ᠤᠨ ᠡᠪᠡᠰᠤ ᠤᠷᠭᠤᠮᠠᠯ ᠵᠢᠴᠢ ᠤᠰᠤᠨ ᠰᠢᠰᠲ᠋ᠧᠮ ᠢᠶᠠᠷ ᠭᠤᠤᠯᠯᠠᠭᠰᠠᠨ ᠦᠷᠭᠡᠨ ᠠᠭᠤᠳᠠᠮ ᠭᠠᠵᠠᠷ | ᠤᠷᠤᠨ ᠤ ᠠᠭᠤᠯᠠ ᠨᠢᠷᠤᠭᠤ᠂ ᠲᠠᠯ᠎ᠠ ᠰᠢᠯᠢ᠂ ᠡᠯᠡᠰᠤ ᠮᠠᠩᠬ᠎ᠠ᠂ ᠭᠤᠪᠢ ᠬᠤᠭᠤᠯᠠᠢ᠂ ᠬᠦᠷᠦᠰᠤ ᠰᠢᠷᠤᠢ ᠲᠡᠭᠡᠷᠡᠬᠢ | ᠤᠷᠭᠤᠮᠠᠯ ᠪᠤᠳᠠᠰ ᠪᠠ ᠤᠢ ᠰᠢᠭᠤᠢ ᠶᠢᠨ ᠪᠦᠷᠬᠦᠴᠡ ᠶᠢᠨ ᠬᠤᠴᠢᠯᠭ᠎ᠠ ᠤᠩᠭᠤᠨ ᠬᠡᠪ ᠢᠶᠠᠷ ᠢᠶᠠᠨ ᠪᠠᠶᠢᠬᠤ | ᠭᠠᠵᠠᠷ ᠤᠨ ᠶᠡᠷᠦᠩᠬᠡᠢ ᠨᠡᠷᠡᠶᠢᠳᠤᠯ ᠭᠡᠵᠦ ᠤᠶᠢᠯᠠᠭᠠᠭᠳᠠᠵᠦ ᠪᠠᠶᠢᠨ᠎ᠠ᠃ ︽ᠪᠡᠯᠴᠢᠭᠡᠷ︾ ᠭᠡᠬᠦ ᠦᠭᠡ ᠤᠨᠴᠠᠯᠢᠭᠳᠠᠵᠦ | ᠪᠠᠶᠢᠬᠤ ᠪᠠᠷ ᠦᠵᠡᠪᠡᠯ ᠪᠠᠶᠢᠭᠠᠯᠢ ᠪᠠᠨ ᠠᠰᠢᠭᠯᠠᠭᠰᠠᠨ ᠬᠦᠮᠦᠨ ᠪᠠ ᠠᠮᠢᠳᠠᠨ ᠪᠠᠶᠢᠬᠤ ᠲᠤᠯᠠ ᠲᠤᠰ ᠤᠷᠭᠤᠮᠠᠯ ᠤᠨ | ᠠᠮᠢ ᠠᠬᠤᠢ ᠳᠤ ᠠᠮᠢᠳᠤᠷᠠᠳᠠᠭ ᠨᠡᠭᠦᠳᠡᠯᠴᠢᠨ ᠮᠠᠯᠴᠢᠳ᠂ ᠲᠠᠪᠤᠨ ᠬᠤᠰᠢᠭᠤ ᠮᠠᠯ ᠪᠠᠶᠢᠬᠤ ᠠᠴᠠ ᠭᠠᠳᠠᠨ᠎ᠠ ᠴᠠᠭᠠᠨ | ᠵᠡᠭᠡᠷ᠎ᠡ᠂ ᠪᠤᠷᠤ ᠬᠦᠷᠦᠭᠡᠰᠦ᠂ ᠠᠷᠭᠠᠯᠢ ᠶᠠᠩᠭᠢᠷ᠂ ᠬᠤᠯᠠᠨ ᠴᠢᠬᠢᠳᠡᠢ᠂ ᠪᠤᠭᠤ ᠰᠤᠭᠤ ᠵᠡᠷᠭᠡ ᠪᠡᠯᠴᠢᠭᠡᠷᠯᠡᠬᠦ | ᠠᠮᠢᠳᠠᠳ ᠤᠨ ᠲᠦᠷᠦᠯ ᠵᠦᠢᠯ ᠢ ᠪᠠᠭᠳᠠᠭᠠᠬᠤ ᠨᠢ ᠶᠡᠷᠢᠶᠡᠨ ᠦᠭᠡᠢ ᠶᠤᠮ᠃ | ᠶᠠᠭᠤ ᠶᠢ ᠪᠡᠯᠴᠢᠭᠡᠷ ᠨᠤᠲᠤᠭ ᠭᠡᠬᠦ ᠪᠤᠢ︖ ᠪᠡᠯᠴᠢᠭᠡᠷ ᠨᠤᠲᠤᠭ ᠭᠡᠳᠡᠭ ᠪᠤᠯ ᠭᠠᠵᠠᠷ ᠤᠨ ᠬᠦᠷᠦᠰᠦᠨ | ᠳᠡᠭᠡᠷᠡᠬᠢ ᠤᠷᠭᠤᠮᠠᠯ ᠤᠨ ᠬᠤᠴᠢᠯᠭ᠎ᠠ ᠤᠩᠭᠤᠨ ᠰᠠᠬᠤᠯᠠᠭ ᠢᠶᠠᠷ ᠢᠶᠠᠨ ᠪᠠᠶᠢᠭ᠎ᠠ ᠮᠠᠯ ᠰᠦᠷᠦᠭ ᠤᠨ ᠢᠳᠡᠰᠢᠯᠡᠬᠦ | ᠭᠠᠵᠠᠷ ᠤᠨ ᠡᠵᠡᠯᠡᠭᠦᠨ ᠤ ᠤᠷᠤᠨ ᠵᠠᠢ ᠶᠢ ᠬᠡᠯᠡᠳᠡᠭ᠃ ᠪᠠᠯᠴᠢᠭᠡᠷ ᠤᠨ ᠤᠷᠤᠰᠢᠴᠠ ᠳᠤ᠂ ᠭᠠᠵᠠᠷ ᠤᠨ ᠪᠠᠶᠢᠴᠠ᠂ | ᠠᠭᠤᠷ ᠠᠮᠢᠰᠬᠤᠯ᠂ ᠬᠦᠷᠦᠰᠤ ᠰᠢᠷᠤᠢ᠂ ᠤᠰᠤᠨ ᠰᠤᠷᠪᠤᠯᠵᠢ᠂ ᠤᠷᠭᠤᠮᠠᠯ ᠤᠨ ᠬᠤᠴᠢᠯᠭ᠎ᠠ ᠂ ᠠᠭᠤᠷᠬᠠᠢ ᠶᠢᠨ | ᠭᠠᠷᠤᠯᠳᠠ ︵ᠬᠤᠵᠢᠷ᠂ ᠱᠠᠤ᠂ ᠲᠠᠪᠤᠰᠤ︶ ᠲᠠᠢ ᠰᠢᠭᠤᠳ ᠤᠶᠠᠯᠳᠤᠵᠦ ᠨᠢᠭᠡᠨ ᠪᠦᠬᠦᠯᠢ ᠴᠤᠭᠴᠠ ᠪᠤᠯᠤᠨ | ᠤᠷᠤᠰᠢᠳᠠᠭ᠃ | ᠪᠡᠯᠴᠢᠭᠡᠷ ᠤᠨ ᠠᠮᠢ ᠠᠬᠤᠢ ᠶᠢᠨ ᠬᠠᠮᠤᠭ ᠶᠡᠭᠡ ᠴᠢᠳᠠᠪᠬᠢ ᠨᠢ ᠶᠠᠭᠤ ᠪᠤᠢ︖ ᠡᠨᠡ ᠪᠤᠯ ᠡᠷᠳᠡᠮᠳᠡᠳ ᠪᠠ | ᠵᠠᠰᠠᠭ ᠲᠦᠷᠦ ᠶᠢᠨ ᠡᠷᠬᠡ ᠪᠠᠷᠢᠭᠴᠢᠳ ᠤᠨ ᠭᠤᠤᠯ ᠰᠤᠳᠤᠯᠤᠭᠳᠠᠬᠤᠨ ᠪᠤᠯᠤᠨ ᠬᠡᠷᠡᠭᠯᠡᠭᠳᠡᠬᠦᠨ ᠪᠤᠯᠤᠨ᠎ᠠ᠃ | ᠪᠡᠯᠴᠢᠭᠡᠷ ᠤᠨ ᠠᠮᠢ ᠠᠬᠤᠢ ᠨᠢ ᠵᠦᠪᠬᠡᠨ ᠴᠦᠭᠡᠨ ᠲᠤᠭᠠᠳᠤ ᠦᠨᠳᠦᠰᠦᠳᠡᠨ ᠤ ᠮᠠᠯ ᠮᠠᠯᠵᠢᠳᠠᠭ ᠭᠠᠵᠠᠷ ᠤᠷᠤᠨ ᠯᠡ | ᠪᠠᠶᠢᠵᠦ᠂ ᠲᠡᠭᠦᠨ ᠢᠶᠠᠷ ᠠᠮᠢ ᠵᠢᠭᠤᠬᠤ ᠤᠬᠠᠭᠠᠨ ᠢᠶᠠᠨ ᠪᠤᠯᠭᠠᠬᠤ ᠲᠡᠳᠦᠢ ᠪᠢᠰᠢ ᠶᠤᠮ᠂ ᠬᠠᠷᠢᠨ ᠭᠠᠵᠠᠷ ᠤᠨ | ᠲᠤᠷᠭᠠᠨ ᠬᠦᠷᠦᠰᠦ ᠶᠢ ᠬᠠᠮᠠᠭᠠᠯᠠᠬᠤ ᠪᠠ ᠪᠠᠳᠤᠯᠠᠬᠤ᠂ ᠡᠯᠡᠰᠦ ᠮᠠᠩᠬ᠎ᠠ ᠶᠢ ᠲᠤᠭᠳᠠᠪᠤᠷᠢᠵᠢᠭᠤᠯᠬᠤ᠂ ᠠᠭᠤᠷ | ᠠᠮᠢᠰᠬᠤᠯ ᠢ ᠲᠤᠬᠢᠷᠠᠭᠤᠯᠬᠤ᠂ ᠤᠰᠤ ᠴᠢᠬᠢᠭ ᠢ ᠬᠠᠳᠠᠭᠠᠯᠠᠬᠤ᠂ ᠠᠭᠠᠷ ᠢ ᠴᠡᠪᠡᠷᠰᠢᠭᠦᠯᠬᠦ ᠵᠡᠷᠭᠡ ᠠᠮᠢ ᠠᠬᠤᠢ ᠶᠢᠨ | ᠤᠯᠠᠨ ᠵᠦᠢᠯ ᠤᠨ ᠴᠢᠳᠠᠪᠬᠢᠳᠦ ᠮᠦᠩᠬᠡ ᠶᠢᠨ ᠦᠢᠯᠡᠳᠦᠯ ᠲᠠᠢ ᠶᠤᠮ᠃ ᠡᠨᠡ ᠨᠢ ᠮᠠᠨ ᠤ ᠤᠯᠤᠰ ᠲᠤ ᠠᠪᠴᠤ | ᠬᠡᠯᠡᠪᠡᠯ᠂ ᠪᠦᠬᠦ ᠲᠤᠮᠳᠠᠳᠤ ᠤᠷᠤᠨ ᠤ ᠪᠠᠶᠢᠭᠠᠯᠢ ᠶᠢᠨ ᠨᠠᠮ ᠲᠤᠭᠳᠠᠭᠤᠨ ᠤᠷᠴᠢᠨ ᠲᠤᠭᠤᠷᠢᠨ ᠢ ᠪᠠᠳᠤᠯᠠᠵᠦ᠂ | ᠦᠷᠭᠡᠨ ᠲᠤᠮᠤ ᠠᠮᠢ ᠠᠬᠤᠢ ᠶᠢᠨ ᠬᠠᠯᠬᠠᠪᠴᠢ ᠪᠤᠯᠤᠨ ᠨᠦᠮᠦᠷᠢᠯᠡᠵᠦ ᠪᠠᠶᠢᠳᠠᠭ᠃ ᠡᠨᠡᠬᠦ ᠪᠠᠶᠢᠭᠠᠯᠢ ᠶᠢᠨ | ᠦᠪᠡᠷᠳᠡᠭᠡᠨ ᠲᠤᠬᠢᠷᠠᠭᠤᠯᠬᠤ ᠴᠢᠳᠠᠪᠬᠢ ᠨᠢ ᠲᠤᠩ ᠰᠤᠷᠭᠤᠭ ᠪᠤᠯᠪᠠᠴᠤ ᠮᠠᠰᠢ ᠬᠡᠪᠡᠷᠡᠭ ᠮᠦᠷᠳᠡᠭᠡᠨ ᠬᠦᠮᠦᠨ | ᠲᠦᠷᠦᠯᠬᠢᠳᠡᠨ ᠡᠭᠦᠨ ᠢ ᠶᠠᠭᠤ ᠪᠠᠷ ᠴᠤ ᠤᠷᠤᠯᠠᠭᠤᠯᠵᠦ ᠴᠢᠳᠠᠬᠤ ᠦᠭᠡᠢ ᠬᠡᠮᠵᠢᠶᠡᠯᠡᠰᠢ ᠦᠭᠡᠢ ᠦᠨ᠎ᠡ ᠦᠷᠳᠡᠭ | ᠲᠠᠢ ᠡᠷᠬᠢᠮ ᠨᠠᠨᠳᠢᠨ ᠪᠠᠶᠢᠳᠠᠭ᠃ ᠲᠠᠯ᠎ᠠ ᠨᠤᠲᠤᠭ ᠤᠨ ᠪᠡᠯᠴᠢᠭᠡᠷ ᠤᠨ ᠤᠷᠭᠤᠮᠠᠯ ᠨᠢ᠂ ᠭᠡᠷᠡᠯ ᠤᠨ ᠨᠡᠶᠢᠯᠡᠯᠢᠭ ᠢᠶᠠᠷ | ᠳᠠᠮᠵᠢᠨ ᠠᠭᠠᠷ ᠲᠤᠳᠤᠷᠠᠬᠢ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠢ ᠰᠢᠩᠭᠡᠭᠡᠵᠦ᠂ ᠦᠷᠭᠡᠨ ᠠᠭᠤᠳᠠᠮ | ᠠᠭᠠᠷ ᠢ ᠲᠤᠩᠭᠠᠨ ᠴᠡᠪᠡᠷᠰᠢᠭᠦᠯᠳᠡᠭ ᠪᠦᠷᠢᠨ ᠴᠢᠳᠠᠪᠬᠢ ᠲᠠᠢ ᠨᠡᠭᠦᠷᠡᠰᠦᠳᠦ᠋ᠷᠦᠭᠴᠢ ᠶᠢᠨ ᠶᠡᠷᠦᠩᠬᠡᠢ ᠬᠤᠷᠢᠶᠠᠭᠤᠷ | ᠪᠤᠯᠬᠤ ᠶᠤᠮ᠂ ᠬᠡᠷᠪᠡ ᠲᠤᠷ᠎ᠠ ᠲᠠᠪᠠ ᠪᠠᠷ ᠢᠶᠠᠨ ᠡᠪᠳᠡᠵᠦ ︽ᠲᠠᠳᠠᠯᠳᠤᠬᠤ ᠵᠢᠮ᠎ᠡ ᠲᠡᠩᠴᠡᠯᠳᠦᠬᠦ ᠶᠤᠰᠤ︾ ᠶᠢ ᠨᠢ | ᠠᠯᠳᠠᠭᠳᠠᠭᠤᠯᠪᠠᠯ ᠪᠠᠶᠢᠭᠠᠯᠢ ᠶᠡᠭᠡ ᠬᠡᠮᠵᠢᠶ᠎ᠡ ᠪᠠᠷ ᠬᠠᠷᠢᠭᠤ ᠠᠪᠬᠤ ᠪᠤᠯᠤᠨ᠎ᠠ᠃ | ᠪᠡᠯᠴᠢᠭᠡᠷ ᠨᠤᠲᠤᠭ ᠢᠶᠠᠨ ᠲᠠᠨᠢᠬᠤᠢ ᠳᠤ᠂ ᠭᠠᠵᠠᠷ ᠤᠰᠤᠨ ᠢᠶᠠᠨ ᠮᠡᠳᠡᠵᠦ ᠲᠤᠭᠳᠠᠭᠠᠬᠤ᠂ ᠡᠪᠡᠰᠦ | ᠪᠡᠯᠴᠢᠭᠡᠷ ᠢᠶᠠᠨ ᠳᠠᠨᠢᠵᠦ ᠨᠡᠷᠡᠯᠡᠬᠦ᠂ ᠵᠦᠭ ᠴᠢᠭᠯᠡᠯ ᠢᠶᠠᠨ ᠲᠤᠳᠤᠷᠠᠬᠠᠢ ᠴᠡᠭᠡᠵᠢᠯᠡᠬᠦ᠂ ᠭᠠᠵᠠᠷ ᠤᠨ ᠬᠡᠮᠵᠢᠶ᠎ᠡ | ᠲᠤᠮᠵᠢᠶᠡ ᠪᠠᠨ ᠮᠡᠳᠡᠬᠦ ᠵᠡᠷᠭᠡ ᠤᠯᠠᠨ ᠠᠭᠤᠯᠭ᠎ᠠ ᠪᠦᠬᠦᠢ ᠦᠨᠳᠦᠰᠦᠨ ᠮᠡᠳᠡᠯᠭᠡ ᠶᠢ ᠨᠡᠭᠦᠳᠡᠯᠴᠢᠨ ᠮᠠᠯᠴᠢᠳ ᠡᠵᠡᠨ | ᠬᠦᠮᠦᠨ ᠤ ᠶᠤᠰᠤᠭᠠᠷ ᠵᠠᠪᠠᠯ ᠡᠵᠡᠮᠰᠢᠭᠰᠡᠨ ᠪᠠᠶᠢᠳᠠᠭ᠃ | ⒈ ᠭᠠᠵᠠᠷ ᠤᠰᠤᠨ ᠢᠶᠠᠨ ᠮᠡᠳᠡᠵᠦ ᠲᠤᠭᠳᠠᠭᠠᠬᠤ᠃ ᠠᠬᠠᠮᠠᠳ ᠳᠡᠭᠡᠳᠦ ᠠᠴᠠ ᠨᠢ ᠦᠷ᠎ᠡ ᠬᠡᠤᠬᠡᠳ ᠲᠡᠭᠡᠨ | ᠪᠡᠯᠴᠢᠭᠡᠷ ᠤᠰᠤᠨ ᠢᠶᠠᠨ ᠳᠠᠨᠢᠭᠤᠯᠵᠦ ᠮᠡᠳᠡᠭᠦᠯᠬᠦ ᠰᠠᠶᠢᠬᠠᠨ ᠤᠯᠠᠮᠵᠢᠯᠠᠯ ᠲᠠᠢ ᠪᠠᠶᠢᠳᠠᠭ ᠶᠤᠮ᠂ ᠮᠤᠷᠢ ᠤᠨᠤᠵᠦ | ᠴᠢᠳᠠᠯ ᠲᠤᠷᠪᠢ ᠤᠷᠤᠬᠤ ᠠᠴᠠ ᠡᠬᠢᠯᠡᠵᠦ᠂ ᠬᠤᠨᠢ ᠮᠠᠯ ᠳᠤ ᠲᠠᠭᠠᠭᠠᠤᠯᠤᠨ ᠶᠠᠪᠤᠬᠤ ᠳᠠᠭᠠᠨ ᠠᠭᠤᠯᠠ ᠤᠰᠤᠨ ᠤ | ᠨᠡᠷ᠎ᠡ ᠶᠢ ᠬᠡᠯᠡᠵᠦ ᠦᠭᠭᠦᠨ᠂ ᠶᠠᠮᠠᠷ ᠭᠤᠤᠯ ᠤᠰᠤᠨ ᠳᠤ ᠰᠦᠷᠦᠭ ᠢᠶᠠᠨ ᠤᠰᠤᠯᠠᠬᠤ᠂ ᠬᠠᠮᠢᠭ᠎ᠠ ᠠᠴᠠ ᠠᠮᠠᠨ ᠤ | ᠤᠰᠤ ᠲᠡᠭᠡᠭᠡᠬᠦ᠂ ᠲᠦᠷᠪᠡᠨ ᠤᠯᠠᠷᠢᠯ ᠤᠨ ᠨᠤᠲᠤᠭ ᠨᠢ ᠬᠠᠮᠢᠭ᠎ᠠ ᠬᠠᠮᠢᠭ᠎ᠠ ᠪᠠᠶᠢᠳᠠᠭ᠂ ᠶᠠᠭᠤ ᠶᠢ ᠵᠤᠤ ᠨᠢᠷᠤᠭᠤ᠂ | ᠭᠤᠪᠢ ᠱᠠᠤ᠂ ᠪᠤᠯᠠᠭ ᠱᠠᠩᠳᠠ ᠭᠡᠳᠡᠭ ᠢ ᠮᠡᠳᠡᠭᠦᠯᠳᠡᠭ᠃ ᠡᠶᠢᠮᠦ ᠠᠴᠠ ᠮᠠᠯᠴᠢᠳ ᠪᠠᠭ᠎ᠠ ᠨᠠᠰᠤᠨ ᠠᠴᠠ ᠪᠠᠨ ᠭᠠᠵᠠᠷ | ᠤᠰᠤᠨ ᠢᠶᠠᠨ ᠴᠡᠭᠡᠵᠢᠯᠡᠨ ᠲᠤᠭᠳᠠᠭᠠᠬᠤ ᠶᠢ ᠴᠢᠬᠤᠯᠠᠴᠢᠯᠠᠳᠠᠭ ᠪᠦᠭᠡᠳ ᠡᠳᠦᠷ ᠤᠨ ᠮᠠᠷᠭᠠᠰᠢ ᠨᠤᠲᠤᠭ ᠤᠰᠤᠨ ᠤ | ᠰᠠᠶᠢᠬᠠᠨ ᠲᠠᠢ ᠵᠤᠯᠭᠠᠳᠠᠭ ᠪᠤᠯᠬᠤᠷ ᠭᠠᠵᠠᠷ ᠤᠨ ᠪᠠᠶᠢᠷᠢ ᠪᠠᠶᠢᠴᠠ ᠪᠠᠨ ᠮᠠᠷᠳᠠᠯ ᠦᠭᠡᠢ ᠲᠤᠭᠳᠠᠭᠠᠳᠠᠭ ᠤᠴᠢᠷ ᠨᠢ | ᠲᠡᠷᠡ ᠪᠢᠯᠡ᠃ | ᠪᠠᠰᠠ ᠨᠤᠲᠤᠭ ᠤᠰᠤᠨ ᠳᠠᠭᠠᠨ ᠨᠠᠷᠠ ᠬᠠᠶᠢᠷᠠᠯᠠᠬᠤ᠂ ᠤᠩᠭᠤᠯᠠᠨ ᠲᠠᠷᠬᠠᠯᠠᠬᠤ ᠪᠤᠯ ᠨᠤᠲᠤᠭ ᠤᠰᠤᠨ ᠢᠶᠠᠨ | ᠳᠠᠨᠢᠵᠦ ᠮᠡᠳᠡᠬᠦ ᠶᠢᠨ ᠦᠨᠳᠦᠰᠦᠨ ᠨᠦᠬᠦᠴᠡᠯ ᠪᠤᠯᠳᠠᠭ᠂ ᠲᠡᠭᠡᠷᠡᠬᠢ ᠪᠦᠯᠦᠭ ᠲᠤ ᠠᠭᠤᠯᠠ ᠨᠢᠷᠤᠭᠤ ᠶᠢᠨ ᠪᠦᠯᠦᠭᠯᠡᠯ | 21᠂ ᠭᠤᠤᠯ ᠪᠤᠯᠬᠤ ᠤᠰᠤᠨ ᠰᠢᠰᠲ᠋ᠧᠮ 18 ︵ᠵᠢᠵᠢᠭ ᠭᠤᠤᠯ ᠤᠷᠤᠰᠬᠠᠯ ᠤᠨ ᠨᠡᠷ᠎ᠡ ᠮᠠᠰᠢ ᠤᠯᠠᠨ ᠪᠤᠢ︶᠂ | ᠨᠠᠭᠤᠷ ᠲᠤᠭᠤᠷᠢᠮ 154 ᠪᠠ ᠤᠨᠳᠤᠷᠤᠮᠠᠯ ᠪᠤᠯᠠᠭ 101 ᠶᠢ ᠨᠠᠷᠠᠰ ᠢᠶᠠᠷ ᠨᠢ ᠵᠢᠭᠰᠠᠭᠠᠭᠰᠠᠨ ᠶᠠᠪᠤᠳᠠᠯ ᠪᠤᠯ | ᠨᠤᠲᠤᠭ ᠤᠰᠤᠨ ᠢᠶᠠᠨ ᠳᠠᠨᠢᠵᠦ ᠮᠡᠳᠡᠬᠦᠢ ᠶᠢᠨ ᠲᠡᠤᠬᠡᠨ ᠬᠤᠷᠢᠶᠠᠩᠭᠤᠢ ᠪᠤᠯᠬᠤ ᠶᠤᠮ᠂ ᠡᠭᠦᠨ ᠠᠴᠠ ᠭᠠᠳᠠᠨ᠎ᠠ | ᠳᠠᠬᠢᠯᠭᠠᠳᠤ ᠤᠪᠤᠭ᠎ᠠ ᠪᠠᠷ ᠨᠡᠷᠡᠯᠡᠭᠰᠡᠨ ᠭᠠᠵᠠᠷ ᠤᠰᠤᠨ ᠲᠠᠪᠤᠨ ᠵᠠᠭᠤ ᠭᠠᠷᠤᠢ ᠨᠡᠷ᠎ᠡ ᠳᠡᠮᠳᠡᠭᠯᠡᠭᠳᠡᠵᠦ ᠪᠤᠢ᠃ | ⒉ ᠵᠦᠭ ᠴᠢᠭ ᠢ ᠮᠡᠳᠡᠭᠦᠯᠬᠦ᠃ ᠦᠵᠦᠮᠦᠴᠢᠨ ᠨᠤᠲᠤᠭ ᠪᠤᠯ ᠦᠷᠭᠡᠨ ᠲᠡᠨᠢᠭᠡᠷ᠂ ᠮᠠᠯᠵᠢᠯ ᠤᠨ ᠤᠷᠤᠨ | ᠪᠠᠶᠢᠷᠢ ᠲᠠᠷᠬᠠᠢ ᠪᠤᠳᠠᠷᠬᠠᠢ ᠪᠤᠯᠬᠤᠷ ᠠᠯᠤᠰ ᠬᠤᠯᠠ ᠶᠢᠨ ᠮᠠᠯ ᠰᠦᠷᠦᠭ᠂ ᠠᠶᠢᠯ ᠤᠶᠢᠷᠨᠯᠴᠠᠭᠠ ᠳᠠᠭᠠᠨ ᠪᠠᠭᠤᠬᠤ᠂ | ᠡᠷᠢᠯ ᠰᠤᠷᠠᠭ ᠬᠢᠬᠦ ᠵᠡᠷᠭᠡ ᠶᠠᠮᠠᠷᠪᠠ ᠦᠢᠯᠡ ᠶᠠᠪᠤᠳᠠᠯ ᠳᠤ ᠶᠠᠪᠤᠬᠤ ᠳᠤ ᠵᠦᠪᠬᠡᠨ ᠵᠦᠭ ᠴᠢᠭᠯᠡᠯ ᠢᠶᠠᠷ ᠪᠠᠷᠢᠮᠵᠢᠶ᠎ᠠ | ᠪᠤᠯᠭᠠᠳᠠᠭ᠃ ᠰᠦᠨᠢ ᠤᠷᠤᠢ ᠴᠤ ᠲᠦᠭᠡᠷᠢᠯ ᠦᠭᠡᠢ ᠶᠠᠪᠤᠵᠦ ᠵᠠᠩᠰᠢᠭᠰᠠᠨ ᠪᠠᠶᠢᠳᠠᠭ ᠶᠤᠮ᠂ ᠲᠡᠭᠷᠢ ᠶᠢᠨ ᠤᠷᠤᠨ ᠤ | ᠠᠯᠳᠠᠨ ᠭᠠᠳᠠᠰᠤ ᠤᠳᠤ ᠪᠠᠷ ᠪᠤᠯ ᠭᠠᠵᠠᠷ ᠤᠨ ᠵᠢᠷᠤᠭ ᠲᠤ ᠠᠰ ᠬᠤᠶᠢᠨ᠎ᠠ ᠪᠠᠷ ᠪᠠᠷᠢᠮᠵᠢᠶᠠᠯᠠᠳᠠᠭ ᠪᠤᠯ | ᠦᠵᠦᠮᠦᠴᠢᠨ ᠤ ᠵᠦᠭ ᠬᠠᠷᠠᠭᠠᠰᠤ ᠪᠠᠷ ᠭᠡᠪᠡᠯ ᠲᠡᠷᠡ ᠨᠢ ᠵᠡᠭᠦᠨ ᠬᠤᠶᠢᠳᠦ ᠵᠦᠭ ᠪᠤᠯᠳᠠᠭ ᠲᠤᠭᠳᠠᠭᠤᠨ ᠤᠳᠤᠨ | ᠭᠠᠷᠠᠭ ᠪᠤᠯᠤᠨ᠎ᠠ᠃ ᠲᠡᠭᠡᠪᠡᠯ ᠠᠰ ᠬᠤᠶᠢᠳᠦ ᠵᠦᠭ ᠪᠤᠯ ᠠᠯᠳᠠᠨ ᠭᠠᠳᠠᠰᠤ ᠠᠴᠠ ᠪᠠᠷᠠᠭᠤᠨᠰᠢ ᠨᠢᠭᠡ ᠲᠡᠯᠢᠮ ︵ | ᠬᠠᠭᠠᠰ ᠠᠯᠳᠠ︶ ᠤᠨ ᠪᠠᠷᠤᠭ ᠲᠤ ᠠᠰ ᠬᠤᠶᠢᠳᠤ ᠴᠢᠭᠯᠡᠯ ᠤᠨ ᠪᠠᠷᠢᠮᠵᠢᠶ᠎ᠠ ᠪᠤᠯᠭᠠᠵᠦ᠂ ᠲᠦᠷᠪᠡᠨ ᠵᠦᠭ ᠢ ᠬᠡᠮᠵᠢᠨ | ᠲᠤᠭᠳᠠᠭᠠᠳᠠᠭ᠃ ᠡᠪᠦᠯ ᠭᠤᠤᠯᠯᠠᠭᠰᠠᠨ ᠦᠷᠯᠦᠭᠡ ᠶᠢᠨ ᠨᠠᠷᠠ ᠠᠰ ᠡᠮᠦᠨ᠎ᠡ ᠵᠦᠭ ᠠᠴᠠ ᠪᠠᠭ᠎ᠠ ᠯᠠ ᠵᠡᠭᠦᠨ | ᠲᠠᠯ᠎ᠠ ᠪᠠᠷ ᠭᠠᠷᠳᠠᠭ᠃ ᠡᠨᠡᠬᠦ ᠴᠢᠭᠯᠡᠯ ᠢᠶᠠᠷ ᠪᠠᠷᠢᠮᠵᠢᠶᠠᠯᠠᠨ ᠮᠤᠩᠭᠤᠯ ᠭᠡᠷ ᠢᠶᠠᠨ ᠠᠰ ᠡᠮᠦᠨ᠎ᠡ ᠵᠦᠭ ᠲᠤ | ᠬᠠᠨᠳᠤᠭᠤᠯᠤᠨ ᠪᠠᠷᠢᠵᠦ ᠪᠤᠰᠬᠠᠳᠠᠭ᠃ ᠲᠤᠰ ᠵᠦᠭ ᠴᠢᠭ ᠤᠨ ᠪᠠᠷᠢᠮᠵᠢᠶᠠᠯᠠᠯ ᠢᠶᠠᠷ ᠲᠦᠷᠪᠡᠨ ᠵᠦᠭ ᠨᠠᠢᠮᠠᠨ | ᠵᠤᠪᠬᠢᠰ ᠢ ᠴᠡᠭᠡᠵᠢᠯᠡᠳᠡᠭ ᠢᠶᠠᠷ ᠡᠳᠦᠷ ᠪᠤᠤ ᠬᠡᠯᠡ ᠬᠠᠷᠠᠩᠭᠤᠢ ᠰᠦᠨᠢ ᠶᠠᠪᠤᠭᠰᠠᠨ ᠴᠤ ᠲᠦᠭᠡᠷᠢᠵᠦ ᠡᠭᠡᠷᠡᠬᠦ ᠶᠠᠪᠤᠳᠠᠯ | ᠦᠭᠡᠢ ᠪᠠᠶᠢᠳᠠᠭ ᠪᠦᠭᠡᠳ ᠵᠤᠷᠢᠭᠰᠠᠨ ᠭᠠᠵᠠᠷ ᠢᠶᠠᠨ ᠠᠰᠯᠠᠨ ᠬᠦᠷᠴᠢᠬᠡᠳᠡᠭ᠂ ᠤᠯᠠᠩᠬᠢ ᠳᠠᠭᠠᠨ ᠤᠭᠳᠠᠷᠭᠤᠢ ᠶᠢᠨ | ᠨᠠᠷᠠ ᠵᠡᠭᠦᠨ ᠡᠮᠦᠨ᠎ᠡ ᠠᠴᠠ ᠭᠠᠷᠴᠤ ᠪᠠᠷᠠᠭᠤᠨ ᠬᠤᠶᠢᠨ᠎ᠡ ᠰᠢᠩᠭᠡᠳᠡᠭ ᠭᠡᠵᠦ ᠶᠡᠷᠦᠩᠬᠡᠶᠢᠯᠡᠨ ᠤᠶᠢᠯᠠᠭᠠᠵᠦ᠂ ᠵᠤᠨ | ᠡᠪᠦᠯ ᠤᠨ ᠡᠳᠦᠷ ᠰᠦᠨᠢ ᠶᠢᠨ ᠤᠷᠳᠤᠳᠴᠤ ᠪᠤᠭᠤᠨᠢᠰᠬᠤ ᠪᠠᠶᠢᠳᠠᠯ ᠢ ᠦᠨᠳᠦᠰᠦᠯᠡᠨ ᠵᠦᠭ ᠴᠢᠭᠯᠡᠯ ᠤᠨ ᠢᠶᠠᠨ | ᠪᠠᠶᠢᠩᠭᠤ ᠶᠢᠨ ᠬᠡᠷᠡᠭᠯᠡᠳᠡᠭ ᠪᠠᠷᠢᠮᠵᠢᠶ᠎ᠠ ᠪᠠᠨ ᠡᠵᠡᠮᠰᠢᠴᠢᠳᠡᠭ ᠶᠤᠮ᠃ ᠡᠳᠦᠷ ᠪᠤᠯ ᠨᠠᠷᠠ ᠬᠡᠳᠦᠢ ᠴᠠᠭ ᠤᠨ | ᠪᠠᠷᠤᠭ ᠲᠤ ᠬᠠᠮᠢᠭ᠎ᠠ ᠬᠦᠷᠴᠤ ᠪᠠᠶᠢᠬᠤ ᠶᠢ ᠮᠡᠳᠡᠬᠦ ᠬᠡᠷᠡᠭᠳᠡᠢ ᠪᠠᠷ ᠦᠯᠦ ᠪᠠᠷᠠᠮ ᠨᠡᠩ ᠢᠯᠠᠩᠭᠤᠷᠠ ᠪᠦᠷᠭᠦᠭ ᠡᠭᠦᠯᠡ | ᠲᠠᠢ ᠪᠤᠶᠤ ᠰᠢᠭᠤᠷᠭ᠎ᠠ ᠲᠠᠢ ᠡᠳᠦᠷ ᠵᠠᠪᠠᠯ ᠲᠤᠭᠳᠠᠭᠠᠬᠤ ᠴᠢᠬᠤᠯᠠ ᠲᠠᠢ ᠶᠤᠮ᠃ ᠰᠦᠨᠢ ᠪᠤᠯᠬᠤ ᠳᠤ᠂ ᠶᠠᠮᠠᠷ | ᠴᠠᠭ ᠲᠤ ᠶᠠᠮᠠᠷ ᠤᠳᠤᠳ ᠠᠯᠢ ᠵᠦᠭ ᠲᠤ ᠪᠠᠶᠢᠳᠠᠭ ᠢ ᠠᠨᠳᠠᠭᠤᠷᠠᠯ ᠦᠭᠡᠢ ᠴᠡᠭᠡᠵᠢᠯᠡᠳᠡᠭ ᠤᠴᠢᠷ ᠲᠠᠢ᠃ | ᠵᠢᠱᠢᠶᠡᠯᠡᠪᠡᠯ᠄ ᠰᠠᠷ᠎ᠠ᠂ ᠠᠯᠳᠠᠨ ᠭᠠᠳᠠᠰᠤ᠂ ᠲᠤᠯᠤᠭᠠᠨ ᠪᠤᠷᠬᠠᠨ ︵ᠲᠤᠬᠢᠭᠤᠷ ᠲᠤᠯᠤᠭᠠᠨ ᠤᠳᠤ︶᠂ ᠪᠦᠭᠡᠮ | ᠤᠳᠤ ︵ᠮᠡᠴᠢᠳ ᠵᠢᠷᠭᠤᠭᠠᠨ ᠤᠳᠤ︶᠂ ᠭᠤᠷᠪᠠᠨ ᠨᠤᠬᠠᠢ᠂ ᠴᠤᠯᠮᠤᠨ ᠤᠳᠤ ᠭᠡᠬᠦ ᠵᠡᠷᠭᠡ ᠮᠠᠰᠢ ᠤᠯᠠᠨ | ᠤᠳᠤᠳ ᠤᠨ ᠲᠦᠷᠪᠡᠨ ᠤᠯᠠᠷᠢᠯ ᠳᠤ ᠠᠯᠢ ᠵᠦᠭ ᠲᠤ᠂ ᠬᠡᠳᠦᠢ ᠴᠠᠭ ᠤᠨ ᠪᠠᠷᠤᠭ ᠲᠤ ᠬᠠᠮᠢᠭ᠎ᠠ ᠬᠦᠷᠴᠤ ᠪᠠᠶᠢᠳᠠᠭ | ᠵᠡᠷᠭᠡ ᠢ ᠮᠠᠯᠴᠢᠳ ᠲᠤᠳᠤᠷᠬᠠᠢ ᠴᠡᠭᠡᠵᠢᠯᠡᠨ ᠲᠤᠭᠳᠠᠭᠠᠳᠠᠭ ᠶᠤᠮ᠃ ᠪᠦᠷᠭᠦᠭ ᠰᠦᠨᠢ ᠪᠤᠯ ᠡᠪᠡᠰᠦᠨ ᠲᠤᠯᠤᠭᠠᠢ | ᠬᠠᠮᠢᠭᠠᠰᠢ ᠪᠦᠬᠦᠶᠢᠵᠦ ᠪᠠᠶᠢᠬᠤ ᠶᠢ ᠮᠡᠳᠡᠬᠦ ᠬᠡᠷᠡᠭᠳᠡᠢ᠂ ᠤᠯᠠᠩᠬᠢ ᠤᠯᠠᠷᠢᠯ ᠤᠨ ᠰᠠᠯᠬᠢ ᠨᠢ ᠪᠠᠷᠠᠭᠤᠨ | ᠬᠤᠶᠢᠨ᠎ᠡ ᠠᠴᠠ ᠰᠠᠯᠬᠢᠯᠠᠳᠠᠭ ᠠᠴᠠ ᠡᠪᠡᠰᠦᠨ ᠲᠤᠯᠤᠭᠠᠢ ᠨᠡᠶᠢᠳᠡᠮ ᠳᠡᠭᠡᠨ ᠵᠡᠭᠦᠨ ᠤᠷᠤᠭᠰᠢ ᠪᠦᠬᠦᠶᠢᠵᠦ | ᠪᠠᠶᠢᠳᠠᠭ ᠠᠴᠠ ᠠᠯᠢ ᠵᠦᠭ ᠲᠤ ᠶᠠᠪᠤᠵᠦ ᠪᠠᠶᠢᠬᠤ ᠪᠠᠨ ᠮᠡᠳᠡᠳᠡᠭ ᠪᠦᠭᠡᠳ ᠠᠭᠤᠯᠠ ᠤᠷᠤᠶᠢᠳ ᠲᠠᠢ ᠭᠠᠵᠠᠷ ᠪᠤᠯ | ᠤᠷᠤᠢ ᠲᠤᠯᠤᠭᠠᠢ ᠪᠠᠨ ᠠᠵᠢᠭᠯᠠᠵᠦ ᠶᠠᠪᠤᠬᠤ ᠵᠡᠷᠭᠡ ᠨᠢ ᠮᠠᠯᠴᠢᠳ ᠤᠨ ᠪᠠᠶᠢᠭᠠᠯᠢ ᠶᠢᠨ ᠠᠰᠢᠭᠳᠠᠢ ᠨᠦᠬᠦᠴᠡᠯ ᠢᠶᠠᠷ | ᠴᠢᠭᠯᠡᠯ ᠢᠶᠠᠨ ᠡᠵᠡᠮᠰᠢᠵᠦ ᠶᠠᠪᠤᠬᠤ ᠡᠩ ᠤᠨ ᠦᠨᠳᠦᠰᠦᠨ ᠮᠡᠳᠡᠯᠭᠡ ᠤᠳ ᠪᠤᠯᠤᠨ᠎ᠠ᠃ | ⒊ ᠭᠠᠵᠠᠷ ᠤᠨ ᠬᠡᠮᠵᠢᠶ᠎ᠡ ᠲᠤᠮᠵᠢᠶ᠎ᠠ ᠬᠢᠭᠡᠳ ᠴᠠᠭ ᠤᠨ ᠲᠤᠭᠳᠠᠯᠴᠠᠭ᠎ᠠ ᠶᠢ ᠮᠡᠳᠡᠬᠦ᠃ ᠪᠡᠯᠴᠢᠭᠡᠷ ᠤᠨ ᠬᠤᠯᠠ | ᠤᠶᠢᠷ᠎ᠠ ᠶᠢ ᠮᠡᠳᠡᠬᠦ ᠳᠤ ᠵᠠᠪᠠᠯ ᠬᠡᠮᠵᠢᠶ᠎ᠡ ᠲᠤᠮᠵᠢᠶ᠎ᠠ ᠶᠢᠨ ᠪᠠᠷᠢᠮᠵᠢᠶᠠᠨ ᠤ ᠬᠡᠯᠡᠯᠭᠡ ᠶᠢ ᠡᠵᠡᠮᠰᠢᠬᠦ᠂ ᠡᠳᠦᠷ ᠰᠦᠨᠢ ᠶᠢ | ᠪᠠᠷᠢᠮᠵᠢᠶᠠᠯᠠᠬᠤ ᠳᠤ ᠴᠠᠭ ᠤᠨ ᠲᠤᠭᠳᠠᠯᠴᠠᠭ᠎ᠠ ᠶᠢ ᠮᠡᠳᠡᠬᠦ ᠴᠢᠬᠤᠯᠠ ᠲᠠᠢ᠃ ᠡᠨᠡ ᠲᠤᠬᠠᠢ ᠦᠵᠦᠮᠦᠴᠢᠨᠴᠤᠳ ᠤᠨ | ᠭᠠᠵᠠᠷ ᠤᠨ ᠬᠡᠮᠵᠢᠶ᠎ᠡ ᠲᠤᠮᠵᠢᠶ᠎ᠠ ᠶᠢᠨ ᠦᠪᠡᠷ ᠤᠨ ᠦᠪᠡᠷᠮᠢᠴᠡ ᠬᠡᠯᠡᠯᠭᠡ ᠪᠠᠶᠢᠳᠠᠭ᠂ ᠡᠨᠡ ᠨᠢ ᠲᠠᠷᠤᠢ᠄ | ᠭᠠᠵᠠᠷ ᠤᠨ ᠬᠤᠯᠠ ᠤᠶᠢᠷ᠎ᠠ ᠶᠢᠨ ᠬᠡᠮᠵᠢᠭᠳᠡᠯ ᠤᠨ ᠲᠤᠬᠠᠢ᠂ ᠦᠵᠦᠮᠦᠴᠢᠨᠴᠤᠳ ᠨᠡᠭᠦᠳᠡᠯ ᠮᠠᠯᠵᠢᠯ ᠤᠨ | ᠠᠮᠢᠳᠤᠷᠠᠯ ᠲᠤᠮᠳᠠ ᠪᠠᠨ ᠨᠢᠳᠤᠨ ᠬᠠᠷᠠᠭ᠎ᠠ ᠪᠤᠶᠤ ᠮᠤᠷᠢᠨ ᠤ ᠶᠠᠪᠤᠭ᠎ᠠ ᠪᠠᠷ ᠬᠡᠮᠵᠢᠭᠳᠡᠯ ᠪᠤᠯᠭᠠᠵᠦ᠂ ᠪᠠᠷᠢᠮᠵᠢᠶᠠᠯᠠᠨ | ᠶᠠᠷᠢᠯᠴᠠᠳᠠᠭ ᠶᠤᠮ᠄ | ᠡᠭᠦᠳᠡ ᠬᠤᠶᠢᠮᠤᠷ ᠤᠨ ᠡᠳᠦᠢ ︵2 —3 ᠮᠧᠲᠷ ᠤᠨ ᠤᠷᠴᠢᠮ︶ | ᠠᠷᠭᠠᠮᠵᠢᠶ᠎ᠠ ᠶᠢᠨ ᠬᠢᠷᠢ ︵ᠠᠷᠪᠠᠨ ᠠᠯᠳᠠ ᠶᠢᠨ ᠪᠠᠷᠤᠭ︶ | ᠠᠶᠢᠯ ᠤᠨ ᠬᠢᠷᠢ ︵30 — 50 ᠮᠧᠲᠷ ᠤᠨ ᠤᠷᠴᠢᠮ︶ | ᠰᠠᠭᠠᠬᠠᠯᠳᠠ ᠶᠢᠨ ᠬᠢᠷᠢ ︵500 — 1000 ᠮᠧᠲᠷ ᠤᠨ ᠪᠠᠷᠤᠭ︶ | ᠨᠢᠳᠦᠨ ᠦᠵᠦᠭᠦᠷ ᠤᠨ ᠭᠠᠵᠠᠷ ︵ᠨᠢᠳᠦᠨ ᠬᠠᠷᠠᠭᠠᠨ ᠤ ᠬᠠᠮᠤᠭ ᠬᠤᠯᠠ ᠦᠵᠡᠬᠦ ᠭᠠᠵᠠᠷ︶ | ᠨᠡᠭᠦᠳᠡᠯ ᠤᠨ ᠬᠢᠷᠢ ᠭᠠᠵᠠᠷ ︵30 ᠭᠠᠵᠠᠷ ᠤᠷᠴᠢᠮ︶ | ᠰᠤᠨᠤᠮ᠎ᠠ ᠨᠡᠭᠦᠳᠡᠯ ᠤᠨ ᠭᠠᠵᠠᠷ ︵50 ᠭᠠᠵᠠᠷ ᠤᠨ ᠤᠷᠴᠢᠮ︶ | ᠬᠡᠳᠦᠨ ᠨᠡᠭᠦᠳᠡᠯ ᠤᠨ ᠭᠠᠵᠠᠷ | ᠮᠤᠷᠢᠳᠠᠢ ᠬᠦᠮᠦᠨ ᠤ ᠨᠢᠭᠡ ᠡᠳᠦᠷ ᠤᠨ ᠵᠠᠮ ︵300 ᠤᠷᠴᠢᠮ ᠭᠠᠵᠠᠷ︶ | ᠮᠤᠷᠢᠳᠠᠢ ᠬᠦᠮᠦᠨ ᠤ ᠬᠡᠳᠦᠨ ᠡᠳᠦᠷ ᠤᠨ ᠵᠠᠮ | ᠦᠬᠡᠷ ᠲᠡᠷᠭᠡᠨ ᠤ ᠰᠠᠷ᠎ᠠ ᠶᠢᠨ ᠵᠠᠮ ᠭᠡᠬᠦ ᠵᠡᠷᠭᠡ ᠪᠠᠷ ᠬᠡᠯᠡᠯᠴᠡᠨ ᠪᠠᠶᠢᠳᠠᠭ᠃ | ᠴᠠᠭ ᠳᠡᠮᠳᠡᠭ ᠤᠨ ᠪᠠᠷᠢᠮᠵᠢᠶᠠᠳᠤ ᠬᠡᠯᠡᠯᠭᠡ ᠶᠢᠨ ᠲᠠᠯ᠎ᠠ ᠪᠠᠷ᠂ ᠦᠵᠦᠮᠦᠴᠢᠨᠴᠤᠳ ᠨᠡᠭᠦᠳᠡᠯ ᠮᠠᠯᠵᠢᠯ ᠤᠨ | ᠤᠷᠳᠤ ᠤᠳᠠᠭᠠᠨ ᠤ ᠶᠠᠪᠤᠴᠠ ᠪᠠ ᠰᠠᠨᠰᠠᠷ ᠪᠠᠶᠢᠭᠠᠯᠢ ᠶᠢ ᠰᠢᠨᠵᠢᠬᠦ ᠳᠡᠭᠡᠨ᠂ ᠦᠨᠢ ᠮᠦᠩᠬᠡ ᠡᠷᠭᠢᠯᠳᠦᠬᠦ ᠡᠳᠦᠷ | ᠰᠦᠨᠢ ᠶᠢᠨ ᠡᠭᠡᠯᠵᠢ ᠶᠢᠨ ᠴᠠᠭ ᠳᠡᠮᠳᠡᠭ ᠤᠨ ᠪᠠᠷᠢᠮᠵᠢᠶᠠᠳᠤ ᠬᠡᠯᠡᠯᠭᠡ ᠶᠢ ᠡᠭᠦᠳᠦᠨ ᠪᠦᠳᠦᠭᠡᠭᠰᠡᠨ ᠶᠤᠮ᠃ | ᠭᠡᠬᠦ ᠳᠡᠭᠡᠨ ᠴᠠᠭ ᠳᠡᠮᠳᠡᠭ ᠤᠨ ᠪᠠᠷᠢᠮᠵᠢᠶ᠎ᠠ ᠶᠢ ᠡᠳᠦᠷ ᠰᠦᠨᠢ ᠶᠢᠨ ᠬᠤᠷᠢᠨ ᠲᠦᠷᠪᠡᠨ ᠴᠠᠭ ᠢ ᠪᠠᠶᠢᠭᠠᠯᠢ ᠰᠠᠨᠰᠠᠷ ᠤᠨ | ᠦᠩᠬᠡ ᠪᠠᠶᠢᠳᠠᠯ ᠢᠶᠠᠷ ᠰᠢᠨᠵᠢᠵᠦ ᠨᠠᠷᠡᠰᠢᠭᠦᠯᠦᠨ ᠲᠤᠭᠳᠠᠭᠠᠵᠦ᠂ ᠠᠮᠢᠳᠤᠷᠠᠯ ᠦᠢᠯᠡᠳᠪᠦᠷᠢᠯᠡᠯ ᠤᠨ ᠪᠦᠬᠦᠶᠢᠯᠡ | ᠠᠵᠢᠯᠯᠠᠭᠠᠨ ᠳᠠᠭᠠᠨ ᠲᠤᠤᠱᠯᠠᠭᠤᠯᠵᠦ ᠪᠠᠶᠢᠳᠠᠭ᠃ ᠡᠭᠦᠨ ᠢᠶᠠᠷ ᠢᠶᠠᠨ ᠠᠵᠢᠯ ᠶᠠᠪᠤᠳᠠᠯ ᠢ ᠬᠢᠬᠦ ᠪᠠᠷᠢᠮᠵᠢᠶᠠᠳᠤ ᠴᠠᠭ | ᠪᠤᠯᠭᠠᠳᠠᠭ ᠪᠠᠶᠢᠵᠠᠢ᠃ ᠡᠨᠡ ᠨᠢ ᠲᠠᠷᠤᠢ᠄ | ᠦᠷ ᠴᠠᠶᠢᠬᠤ ᠠᠴᠠ ᠡᠮᠦᠨ᠎ᠡ ︵ᠦᠬᠡᠷ ᠴᠠᠭ ᠤᠨ ᠰᠡᠭᠦᠯᠴᠢ ᠪᠠᠷᠰ ᠴᠠᠭ ᠤᠨ ᠡᠬᠢ︶ | ᠦᠷ ᠤᠨ ᠳᠡᠮᠳᠡᠭ ᠤᠷᠤᠬᠤ ︵ᠦᠷ ᠤᠨ ᠭᠤᠵᠤᠩ ᠤᠷᠤᠬᠤ︶ | ᠦᠷ ᠤᠨ ᠬᠠᠷᠠᠩᠭᠤᠢ ︵ᠦᠨᠡᠭᠡᠨ ᠬᠠᠷᠠᠩᠭᠤᠢ︶ | ᠦᠷ ᠴᠠᠶᠢᠬᠤ ︵ᠦᠷ ᠤᠨ ᠪᠦᠷᠤᠩ ᠪᠠᠷᠤᠩ︶ | ᠦᠷ ᠭᠡᠭᠡᠷᠡᠬᠦ ︵ᠦᠷ ᠮᠠᠩᠬᠠᠶᠢᠬᠤ︶ | ᠨᠠᠷᠠᠨ ᠤ ᠦᠶ᠎ᠡ | ᠨᠠᠷᠠ ᠳᠡᠭᠡᠷ᠎ᠡ ᠭᠠᠷᠭᠠᠭᠠᠳ ︵ᠨᠠᠷᠠ ᠪᠠᠷᠤᠭ ᠠᠯᠳᠠ ᠲᠡᠭᠡᠭᠡᠰᠢ ᠭᠠᠷᠤᠭᠰᠠᠨ ᠪᠠᠶᠢᠬᠤ︶ | ᠪᠠᠭ᠎ᠠ ᠦᠳᠡ ︵10 ᠴᠠᠭ ᠤᠨ ᠤᠷᠴᠢᠮ︶ | ᠦᠳᠡ ᠲᠤᠮᠳᠠ ︵ᠵᠢᠩ ᠦᠳᠡ ᠮᠤᠷᠢ ᠴᠠᠭ᠂ 12 ᠴᠠᠭ︶ | ᠦᠳᠡ ᠠᠴᠠ ᠬᠤᠶᠢᠰᠢ ︵ᠦᠳᠡ ᠭᠤᠳᠤᠶᠢᠬᠤ᠂ 14 ᠴᠠᠭ ᠤᠨ ᠪᠠᠷᠤᠭ︶ | ᠬᠤᠨᠢᠨ ᠤᠭᠳᠤᠭᠤᠯ ᠨᠠᠷᠠ ᠲᠠᠢ ︵ᠨᠠᠷᠠ ᠰᠢᠩᠭᠡᠬᠦ ᠠᠴᠠ ᠬᠤᠶᠠᠷ ᠠᠯᠳᠠ ᠶᠢᠨ ᠵᠠᠢ ᠪᠠᠷ ᠪᠠᠷᠤᠭᠯᠠᠬᠤ︶ | ᠨᠠᠷᠠ ᠰᠢᠩᠭᠡᠬᠦ ᠦᠶ᠎ᠡ | ᠰᠢᠷ᠎ᠠ ᠪᠦᠷᠦᠢ ᠶᠢᠨ ᠦᠶ᠎ᠡ ︵ᠨᠡᠷ᠎ᠡ ᠰᠢᠩᠭᠡᠭᠰᠡᠨ ᠤ ᠨᠡᠯᠢᠶᠡᠳ ᠲᠠᠷᠠᠭ᠎ᠠ ᠭᠡᠭᠡ ᠲᠠᠢ ᠪᠠᠶᠢᠬᠤ ᠦᠶ᠎ᠡ︶ | ᠬᠠᠷ᠎ᠠ ᠪᠦᠷᠦᠢ ᠶᠢᠨ ᠦᠶ᠎ᠡ ︵ᠭᠡᠭᠡ ᠲᠠᠢ ᠪᠤᠯᠪᠠᠴᠤ ᠨᠡᠯᠢᠶᠡᠳ ᠬᠠᠷᠠᠩᠭᠤᠢ ᠪᠤᠯᠤᠭᠰᠠᠨ ᠦᠶ᠎ᠡ︶ | ᠦᠳᠡᠰᠢ ︵ᠤᠷᠤᠢ ᠶᠢᠨ 10 ᠴᠠᠭ ᠤᠨ ᠪᠠᠷᠤᠭ ᠲᠤ︶ | ᠰᠦᠨᠢ ᠲᠤᠮᠳᠠ ᠶᠢᠨ ᠦᠶ᠎ᠡ ︵ᠬᠤᠯᠤᠭᠠᠨ᠎ᠠ ᠴᠠᠭ ᠪᠠᠷᠤᠭ᠂ 0 ᠴᠠᠭ︶ | ᠰᠦᠨᠢ ᠲᠤᠮᠳᠠ ᠠᠴᠠ ᠬᠤᠶᠢᠰᠢ ︵ᠦᠬᠡᠷ ᠴᠠᠭ ᠤᠨ ᠤᠷᠴᠢᠮ︶ | ᠴᠠᠭ ᠳᠡᠮᠳᠡᠭ ᠤᠨ ᠪᠠᠷᠢᠮᠵᠢᠶᠠᠳᠤ ᠬᠡᠯᠡᠯᠭᠡ ᠨᠢ ᠲᠦᠷᠪᠡᠨ ᠤᠯᠠᠷᠢᠯ ᠤᠨ ᠡᠳᠦᠷ ᠰᠦᠨᠢ ᠶᠢᠨ ᠡᠭᠡᠯᠵᠢᠯᠡᠯ ᠤᠨ | ᠤᠷᠳᠤᠳᠴᠤ ᠪᠤᠭᠤᠨᠢᠰᠬᠤ ᠬᠤᠪᠢᠷᠠᠯᠳᠠ ᠶᠢ ᠲᠠᠭᠠᠵᠦ ᠤᠯᠠᠷᠢᠭᠤᠯᠤᠨ ᠬᠡᠯᠡᠯᠴᠡᠬᠦ ᠠᠴᠠ ᠪᠢᠰᠢ᠂ ᠤᠳᠤ ᠶᠢᠨ | ᠬᠡᠷᠡᠭᠯᠡᠵᠦ ᠪᠠᠶᠢᠭ᠎ᠠ ᠲᠤᠭᠳᠠᠮᠠᠯ ᠴᠠᠭ ᠤᠨ ᠪᠠᠷᠢᠮᠵᠢᠶ᠎ᠠ ᠪᠠᠷ ᠬᠡᠮᠵᠢᠵᠦ ᠪᠤᠯᠳᠠᠭ ᠦᠭᠡᠢ ᠶᠤᠮ᠃ ᠡᠭᠦᠨ ᠳᠤ ᠲᠤᠭᠳᠠᠮᠠᠯ | ᠴᠠᠭ ᠤᠨ ᠪᠠᠷᠢᠮᠵᠢᠶ᠎ᠠ ᠳᠤ ᠲᠤᠬᠢᠷᠠᠬᠤ ᠨᠢ ᠦᠳᠡ ᠲᠤᠮᠳᠠ ᠪᠠ ᠰᠦᠨᠢ ᠲᠤᠮᠳᠠ ᠶᠢᠨ ᠲᠤᠭᠳᠠᠮᠠᠯ ᠴᠠᠭ ᠤᠨ | ᠪᠠᠷᠢᠮᠵᠢᠶ᠎ᠠ ᠳᠤ ᠲᠤᠬᠢᠷᠠᠬᠤ ᠠᠴᠠ ᠭᠠᠳᠠᠨ᠎ᠠ ᠪᠤᠰᠤᠳ ᠴᠠᠭ ᠳᠡᠮᠳᠡᠭ ᠨᠢ ᠴᠠᠭ ᠤᠨ ᠦᠩᠭᠡ ᠪᠠᠷ ᠲᠤᠭᠳᠠᠭᠠᠭᠳᠠᠨ᠎ᠠ᠃ | ᠭᠡᠷ ᠲᠤ ᠲᠤᠰᠬᠤ ᠨᠠᠷᠠᠨ ᠤ ᠬᠡᠮᠵᠢᠶ᠎ᠡ ᠪᠠᠷ ᠴᠠᠭ ᠢ ᠪᠠᠷᠢᠮᠵᠢᠶᠠᠯᠠᠬᠤ ᠨᠢ᠄ | ᠲᠤᠭᠤᠨᠤᠨ ᠳᠤ ᠨᠠᠷᠠ ᠲᠤᠰᠬᠤ | ᠤᠨᠢᠨ ᠲᠤᠯᠤᠭᠠᠢ ᠳᠤ ᠨᠠᠷᠠ ᠲᠤᠰᠬᠤ | ᠨᠠᠷᠠ ᠤᠨᠢ ᠲᠤᠮᠳᠠᠯᠠᠬᠤ | ᠨᠠᠷᠠ ᠬᠠᠨ᠎ᠠ ᠶᠢᠨ ᠲᠤᠯᠤᠭᠠᠢ ᠳᠤ ᠰᠠᠭᠤᠬᠤ ︵ᠪᠠᠭ᠎ᠠ ᠦᠳᠡ︶ | ᠨᠠᠷᠠ ᠬᠠᠨ᠎ᠠ ᠲᠤᠮᠳᠠᠯᠠᠬᠤ | ᠨᠠᠷᠠ ᠪᠠᠭᠤᠬᠤ ︵ᠰᠢᠷᠳᠡᠭ ᠳᠡᠭᠡᠷ᠎ᠡ ᠲᠤᠰᠬᠤ᠂ ᠦᠳᠡ ᠪᠤᠯᠬᠤ︶ | ᠨᠠᠷᠠ ᠪᠤᠴᠠᠬᠤ | ᠨᠠᠷᠠ ᠳᠡᠭᠳᠡᠶᠢᠬᠦ ︵ᠵᠡᠭᠦᠨ ᠤᠨᠢ ᠲᠤᠮᠳᠠᠯᠠᠬᠤ︶ | ᠤᠨᠢᠨ ᠲᠤᠯᠤᠭᠠᠢ ᠳᠤ ᠨᠠᠷᠠ ᠰᠠᠭᠤᠬᠤ | ᠨᠠᠷᠠ ᠲᠤᠭᠤᠨᠤᠨ ᠳᠤ ᠰᠠᠭᠤᠬᠤ | ᠨᠠᠷᠠ ᠭᠡᠷ ᠠᠴᠠ ᠵᠢᠷᠭᠠᠬᠤ ᠵᠡᠷᠭᠡ ᠴᠠᠭ ᠪᠠᠷᠢᠮᠵᠢᠶᠠᠯᠠᠨ ᠬᠡᠯᠡᠯᠴᠡᠳᠡᠭ ᠶᠤᠮ᠃ | ⒋ ᠡᠪᠡᠰᠦ ᠪᠡᠯᠴᠢᠭᠡᠷ ᠢᠶᠠᠨ ᠢᠯᠭᠠᠨ ᠲᠠᠨᠢᠬᠤ᠃ ᠡᠪᠡᠰᠦ ᠪᠡᠯᠴᠢᠭᠡᠷ ᠢ ᠲᠠᠭᠠᠵᠦ ᠨᠡᠭᠦᠳᠡᠯᠯᠡᠨ ᠮᠠᠯᠵᠢᠳᠠᠭ | ᠦᠵᠦᠮᠦᠴᠢᠨ ᠮᠠᠯᠴᠢᠳ ᠤᠨ ᠪᠡᠯᠴᠢᠭᠡᠷ ᠤᠨ ᠢᠶᠠᠨ ᠡᠪᠡᠰᠦ ᠤᠷᠭᠤᠮᠠᠯ ᠢ ᠨᠡᠷᠡᠯᠡᠨ ᠳᠠᠨᠢᠬᠤ ᠪᠠ ᠦᠯ ᠰᠢᠮ᠎ᠡ ᠶᠢᠨ | ᠰᠢᠨᠵᠢᠯᠡᠭᠡ ᠰᠤᠳᠤᠯᠤᠯ ᠴᠤ ᠶᠡᠬᠡᠳᠡ ᠬᠦᠭᠵᠢᠵᠦ ᠢᠷᠡᠭᠰᠡᠨ ᠶᠤᠮ᠃ ᠡᠪᠡᠰᠦ ᠶᠢ ᠢᠯᠭᠠᠨ ᠳᠠᠨᠢᠬᠤ ᠳᠤ ᠦᠵᠡᠵᠦ | ᠳᠠᠨᠢᠬᠤ᠂ ᠨᠡᠷᠡᠯᠡᠵᠦ ᠮᠡᠳᠡᠬᠦ᠂ ᠠᠮᠳᠠᠯᠠᠵᠦ ᠳᠠᠨᠢᠬᠤ᠂ ᠴᠢᠨᠠᠷ ᠢᠶᠠᠷ ᠲᠠᠨᠢᠬᠤ ᠵᠡᠷᠭᠡ ᠪᠠᠭᠳᠠᠨ᠎ᠠ᠃ ᠡᠪᠡᠰᠦ ᠳᠠᠨᠢᠬᠤ ᠳᠤ | ᠡᠷᠬᠡᠪᠰᠢ ᠨᠢᠳᠤᠯᠠᠵᠦ ᠳᠠᠨᠢᠬᠤ ᠬᠡᠷᠡᠭᠳᠡᠢ᠂ ᠡᠪᠡᠰᠦ ᠪᠦᠷᠢ ᠶᠢᠨ ᠤᠷᠭᠤᠯᠳᠠ ᠶᠢ ᠠᠵᠢᠭᠯᠠᠵᠦ᠂ ᠶᠠᠩᠵᠦ ᠲᠦᠷᠰᠦ ᠶᠢᠨ | ᠪᠠᠶᠢᠳᠠᠯ ᠢ ᠨᠢ ᠦᠵᠡᠵᠦ ᠲᠤᠭᠳᠠᠭᠠᠨ᠂ ᠤᠷᠭᠤᠵᠦ ᠪᠠᠶᠢᠭ᠎ᠠ ᠨᠤᠭᠤᠭᠠᠨ ᠦᠶ᠎ᠡ ᠳᠡᠭᠡᠨ ᠶᠠᠮᠠᠷ ᠪᠠᠶᠢᠬᠤ︔ ᠬᠠᠳᠠᠵᠦ | ᠰᠢᠷᠠᠯᠠᠵᠦ ᠪᠠᠶᠢᠭ᠎ᠠ ᠦᠶ᠎ᠡ ᠳᠡᠭᠡᠨ ᠶᠠᠮᠠᠷ ᠪᠤᠯᠬᠤ︔ ᠠᠯᠤᠰ ᠠᠴᠠ ᠪᠤᠶᠤ ᠮᠤᠷᠢᠨ ᠳᠡᠭᠡᠷ᠎ᠡ ᠠᠴᠠ ᠬᠠᠷᠠᠭᠰᠠᠨ ᠴᠤ | ᠳᠠᠨᠢᠵᠦ ᠮᠡᠳᠡᠭᠰᠡᠨ ᠪᠠᠶᠢᠬᠤ᠃ ᠡᠪᠡᠰᠦ ᠤᠷᠭᠤᠮᠠᠯ ᠤᠨ ᠲᠦᠷᠦᠯ ᠵᠦᠢᠯ ᠢᠶᠠᠨ ᠨᠡᠷᠡᠯᠡᠵᠦ ᠵᠦᠪ ᠳᠠᠨᠢᠬᠤ ᠬᠡᠷᠡᠭᠳᠡᠢ᠂ | ᠨᠠᠷᠠᠯᠠᠵᠦ ᠲᠤᠭᠳᠠᠭᠠᠬᠤ ᠪᠤᠯ ᠪᠤᠰᠤᠳ ᠲᠠᠢ ᠤᠶᠢᠯᠠᠭᠠᠯᠴᠠᠬᠤ ᠳᠤ ᠲᠤᠰᠠᠳᠠᠢ᠂ ᠦᠨᠳᠦᠰᠦᠨ ᠮᠡᠳᠡᠯᠭᠡ ᠶᠢᠨ | ᠬᠤᠪᠢ ᠳᠤ ᠬᠡᠷᠡᠭᠯᠡᠬᠦ ᠳᠤ ᠲᠦᠬᠦᠮ ᠪᠠᠶᠢᠳᠠᠭ᠃ ᠠᠮᠳᠠᠯᠠᠵᠦ ᠳᠠᠨᠢᠬᠤ ᠳᠤ ᠦᠵᠡᠬᠦ ᠪᠢᠰᠢ ᠳᠡᠮᠳᠡᠷᠢᠬᠦ ᠴᠤ ᠪᠢᠰᠢ | ᠬᠠᠷᠢᠨ ᠲᠤᠷ᠎ᠠ ᠶᠢᠨ ᠨᠢᠭᠡᠨ ᠡᠪᠡᠰᠦ ᠶᠢ ᠠᠮᠠᠨ ᠳᠠᠭᠠᠨ ᠬᠢᠵᠦ ᠵᠠᠵᠢᠯᠠᠨ ᠠᠮᠳᠠᠯᠠᠪᠠᠯ ᠶᠠᠮᠠᠷ ᠡᠪᠡᠰᠦ ᠶᠢ ᠮᠡᠳᠡᠬᠦ ᠪᠠᠷ | ᠪᠠᠷᠠᠬᠤ ᠦᠭᠡᠢ ᠲᠤᠰ ᠡᠪᠡᠰᠦᠨ ᠤ ᠦᠯ ᠰᠢᠮ᠎ᠡ ᠤᠨ ᠰᠠᠶᠢᠨ ᠮᠠᠭᠤ ᠶᠢ ᠴᠤ ᠮᠡᠳᠡᠵᠦ ᠪᠤᠯᠳᠠᠭ᠃ ᠡᠪᠡᠰᠦᠨ ᠤ | ᠵᠢᠯ ᠤᠨ ᠤᠷᠭᠤᠯᠳᠠ ᠶᠢ ᠴᠢᠨᠠᠷ ᠢᠶᠠᠷ ᠲᠠᠨᠢᠬᠤ ᠳᠤ ᠡᠪᠡᠰᠦᠨ ᠤ ᠦᠩᠭᠡ ᠪᠤᠶᠤ ᠦᠷᠡᠯᠡᠬᠦ ᠪᠠᠷ ᠨᠢ ᠦᠵᠡᠵᠦ | ᠰᠢᠨᠵᠢᠳᠡᠭ ᠪᠠᠶᠢᠨ᠎ᠠ᠃ ᠪᠡᠯᠴᠢᠭᠡᠷ ᠤᠨ ᠡᠪᠡᠰᠦᠨ ᠤ ᠦᠯ ᠰᠢᠮ᠎ᠡ ᠶᠢ ᠰᠢᠨᠵᠢᠬᠦ ᠲᠡᠭᠡᠨ᠂ ᠵᠤᠨ ᠨᠠᠮᠤᠷ ᠤᠨ | ᠤᠯᠠᠷᠢᠯ ᠳᠤ ᠪᠤᠯ ᠪᠡᠯᠴᠢᠭᠡᠷ ᠤᠨ ᠨᠡᠶᠢᠳᠡᠮ ᠤᠨ ᠦᠩᠭᠡ ᠪᠠᠷ ᠠᠵᠢᠭᠯᠠᠨ ᠰᠢᠨᠵᠢᠳᠡᠭ᠂ ᠪᠡᠯᠴᠢᠭᠡᠷ ᠤᠨ ᠦᠩᠭᠡ ᠨᠢ | ᠭᠦᠨ ᠨᠤᠭᠤᠭᠠᠨ ᠦᠩᠭᠡ ᠲᠠᠢ ᠪᠠᠶᠢᠪᠠᠯ ᠦᠯ ᠰᠢᠮ᠎ᠡ ᠪᠠᠷ ᠦᠳᠭᠡᠨ ᠪᠠᠶᠢᠭ᠎ᠠ ᠶᠢᠨ ᠳᠡᠮᠳᠡᠭ᠂ ᠬᠡᠷᠪᠡ ᠰᠢᠩᠭᠡᠨ | ᠨᠤᠭᠤᠭᠠᠨ ᠴᠡᠩᠬᠡᠷ ᠦᠩᠭᠡ ᠲᠠᠢ ᠪᠠᠶᠢᠪᠠᠯ ᠰᠢᠮᠡᠯᠢᠭ ᠪᠤᠰᠤ ᠪᠠᠶᠢᠭ᠎ᠠ ᠶᠢᠨ ᠰᠢᠨᠵᠢ ᠪᠠᠶᠢᠳᠠᠯ ᠪᠤᠯᠤᠨ᠎ᠠ᠃ ᠪᠡᠯᠴᠢᠭᠡᠷ ᠢ | ᠰᠢᠨᠵᠢᠬᠦ ᠳᠡᠭᠡᠨ ᠵᠠᠪᠠᠯ ᠦᠳᠡ ᠲᠤᠮᠳᠠ ᠳᠤ ᠠᠭᠤᠯᠠ ᠬᠤᠸᠠ ᠨᠤᠭᠤᠳ ᠤᠨ ᠠᠷᠤ ᠦᠪᠦᠷ᠂ ᠵᠤᠤ ᠰᠢᠯᠢ ᠶᠢᠨ | ᠤᠷᠤᠢ ᠶᠢ ᠠᠵᠢᠭᠯᠠᠬᠤ ᠳᠤ ᠦᠪᠴᠢ ᠭᠦᠨ ᠨᠤᠭᠤᠭᠠᠨ ᠪᠠᠶᠢᠪᠠᠯ ᠡᠨᠡ ᠪᠡᠯᠴᠢᠭᠡᠷ ᠤᠨ ᠡᠪᠡᠰᠦ ᠨᠤᠭᠤᠭ᠎ᠠ ᠶᠢᠨ | ᠤᠷᠭᠤᠴᠠ ᠬᠡᠯᠡᠯᠭᠡᠨ ᠦᠭᠡᠢ ᠰᠠᠶᠢᠨ ᠭᠡᠳᠡᠭ ᠢ ᠮᠡᠳᠡᠵᠦ ᠪᠤᠯᠤᠨ᠎ᠠ᠃ ᠡᠪᠦᠯ ᠬᠠᠪᠤᠷ ᠤᠨ ᠤᠯᠠᠷᠢᠯ ᠳᠤ ᠡᠪᠡᠰᠦᠨ ᠤ | ᠬᠠᠳᠠᠭᠰᠠᠨ ᠬᠡᠯᠪᠡᠷᠢ᠂ ᠮᠠᠯ ᠤᠨ ᠲᠤᠭᠳᠠᠪᠤᠷᠢ ᠬᠢᠷᠢ ᠵᠡᠷᠭᠡ ᠪᠠᠶᠢᠬᠤ ᠶᠢ ᠦᠵᠡᠬᠦ ᠪᠠᠷ ᠪᠠᠷᠠᠬᠤ ᠦᠭᠡᠢ ᠡᠪᠡᠰᠦ ᠶᠢ | ᠰᠢᠳᠠᠭᠠᠵᠦ ᠦᠵᠡᠬᠦ ᠪᠤᠶᠤ ᠠᠮᠳᠠᠯᠠᠵᠦ ᠦᠵᠡᠬᠦ᠂ ᠡᠪᠡᠰᠦᠨ ᠤ ᠦᠷ᠎ᠡ ᠶᠢᠨ ᠤᠯᠠᠨ ᠴᠦᠭᠡᠨ ᠢᠶᠠᠷ ᠦᠵᠡᠵᠦ | ᠰᠢᠨᠵᠢᠳᠡᠭ᠃ ᠡᠪᠡᠰᠦᠨ ᠤ ᠦᠩᠭᠡ ᠶᠢ ᠬᠤᠯᠠ ᠠᠴᠠ ᠦᠵᠡᠬᠦ ᠪᠤᠶᠤ ᠮᠤᠷᠢᠨ ᠳᠡᠭᠡᠷ᠎ᠡ ᠠᠴᠠ ᠠᠵᠢᠭᠯᠠᠬᠤ ᠳᠤ | ᠬᠦᠷᠡᠩ ᠤᠯᠠᠭᠠᠨ ᠪᠠᠶᠢᠪᠠᠯ ᠦᠯ ᠰᠢᠮ᠎ᠡ ᠲᠠᠢ ᠪᠠᠶᠢᠬᠤ ᠶᠢᠨ ᠳᠡᠮᠳᠡᠭ᠂ ᠴᠠᠶᠢᠪᠤᠷ ᠰᠢᠷ᠎ᠠ ᠦᠵᠡᠭᠳᠡᠪᠡᠯ ᠦᠯ | ᠰᠢᠮ᠎ᠡ ᠪᠠᠷ ᠠᠨᠠᠢ ᠶᠢᠨ ᠰᠢᠨᠵᠢ ᠢᠯᠡᠷᠡᠯ ᠪᠤᠯᠤᠨ᠎ᠡ᠃ ᠡᠪᠦᠯ ᠬᠠᠪᠤᠷ ᠤᠨ ᠬᠠᠳᠠᠭᠰᠠᠨ ᠡᠪᠡᠰᠦ ᠨᠢ ᠡᠷᠴᠢᠯᠡᠨ | ᠬᠤᠶᠢᠯᠠᠷᠠᠭᠰᠨ᠋ᠠ ᠨᠢ ᠴᠢᠩᠭ᠎ᠠ ᠪᠤᠯ ᠪᠡᠯᠴᠢᠭᠡᠷ ᠤᠨ ᠦᠯ ᠰᠢᠮ᠎ᠡ ᠲᠠᠢ ᠪᠠᠶᠢᠬᠤ ᠶᠢ ᠬᠠᠷᠠᠭᠤᠯᠤᠨ᠎ᠠ᠂ ᠬᠡᠷᠪᠡ ᠡᠷᠴᠢ ᠨᠢ | ᠰᠤᠯᠠ ᠰᠡᠯᠪᠡᠭᠡᠷ ᠪᠠᠶᠢᠪᠠᠯ ᠰᠢᠮ᠎ᠡ ᠮᠠᠭᠤᠳᠠᠢ ᠶᠢᠨ ᠰᠢᠨᠵᠢ᠃ ᠮᠠᠯ ᠰᠦᠷᠦᠭ ᠲᠤᠭᠳᠠᠪᠤᠷᠢᠳᠠᠢ᠂ ᠦᠷᠯᠦᠭᠡ | ᠪᠤᠰᠬᠤ ᠳᠤ ᠬᠡᠪᠡᠯᠢ ᠨᠢ ᠲᠦᠭᠦᠷᠡᠩ᠂ ᠰᠠᠯᠬᠢ ᠰᠦᠷᠦᠬᠦ ᠳᠤ ᠵᠤᠷᠢᠭᠳᠠᠢ ᠪᠠᠶᠢᠪᠠᠯ ᠪᠡᠯᠴᠢᠭᠡᠷ ᠤᠨ ᠡᠪᠡᠰᠦᠨ ᠤ ᠰᠢᠮ᠎ᠡ | ᠰᠠᠶᠢᠨ ᠪᠠᠶᠢᠬᠤ ᠶᠢᠨ ᠳᠡᠮᠳᠡᠭ᠂ ᠪᠡᠯᠴᠢᠭᠡᠷ ᠲᠡᠭᠡᠨ ᠲᠤᠭᠳᠠᠪᠤᠷᠢ ᠠᠯᠳᠠᠨ ᠭᠦᠶᠦᠬᠦ ᠪᠤᠶᠤ ᠦᠷᠯᠦᠭᠡ ᠶᠢᠨ ᠬᠡᠪᠡᠯᠢ ᠨᠢ | ᠲᠤᠮᠳᠠᠭᠤᠷ ᠪᠤᠯᠬᠤ᠂ ᠤᠷᠤᠭᠤᠳᠠᠨ ᠭᠦᠶᠦᠬᠦ ᠮᠡᠳᠦ ᠶᠢᠨ ᠢᠯᠡᠷᠡᠯ ᠲᠠᠢ ᠪᠤᠯ ᠪᠡᠯᠴᠢᠭᠡᠷ ᠤᠨ ᠰᠢᠮ᠎ᠡ ᠠᠨᠠᠢ | ᠪᠠᠶᠢᠬᠤ ᠶᠢᠨ ᠰᠢᠨᠵᠢ ᠪᠤᠯᠬᠤ ᠶᠤᠮ᠃ ᠡᠪᠡᠰᠦ ᠶᠢ ᠰᠢᠳᠠᠭᠠᠬᠤ ᠳᠤ ᠨᠤᠴᠤᠬᠤ ᠨᠢ ᠤᠳᠠᠭᠠᠨ᠂ ᠭᠠᠯ ᠤᠨ ᠰᠤᠷ ᠨᠢ | ᠤᠯᠠᠭᠠᠨ ᠰᠢᠷ᠎ᠠ ᠦᠩᠭᠡ ᠲᠠᠢ᠂ ᠤᠳᠤᠭ᠎ᠠ ᠨᠢ ᠬᠠᠷᠠᠪᠳᠤᠷ ᠪᠠᠶᠢᠪᠠᠯ ᠦᠯ ᠰᠢᠮ᠎ᠡ ᠲᠠᠢ ᠶᠢᠨ ᠳᠡᠮᠳᠡᠭ᠂ ᠬᠡᠷᠪᠡ | ᠨᠤᠴᠤᠬᠤ ᠨᠢ ᠲᠦᠷᠭᠡᠨ᠂ ᠭᠠᠯ ᠤᠨ ᠰᠤᠷ ᠨᠢ ᠴᠠᠭᠠᠨ ᠰᠢᠷᠠᠪᠳᠤᠷ᠂ ᠤᠳᠤᠭ᠎ᠠ ᠨᠢ ᠰᠢᠩᠭᠡᠨ ᠴᠠᠶᠢᠪᠤᠷ ᠪᠠᠶᠢᠪᠠᠯ ᠦᠯ | ᠰᠢᠮ᠎ᠡ ᠦᠭᠡᠢ ᠶᠢᠨ ᠰᠢᠨᠵᠢ᠃ ᠡᠪᠡᠰᠦ ᠶᠢ ᠵᠠᠵᠢᠯᠠᠵᠦ ᠦᠵᠡᠬᠦ ᠳᠤ᠂ ᠭᠠᠰᠢᠭᠤᠨ ᠨᠤᠯᠤᠭᠤᠨ ᠨᠤᠭᠤᠭ᠎ᠠ ᠶᠢᠨ ᠠᠮᠳᠠ | ᠲᠠᠢ ᠪᠦᠭᠡᠳ ᠵᠠᠵᠢᠯᠤᠭᠰᠠᠨ ᠡᠪᠡᠰᠦ ᠪᠠᠨ ᠨᠢᠯᠪᠤᠵᠦ ᠦᠵᠡᠪᠡᠯ ᠡᠭᠡᠬᠦᠨ ᠴᠠᠢ ᠲᠠᠢ ᠠᠳᠠᠯᠢ ᠪᠤᠳᠤᠭ ᠰᠠᠭᠤᠭᠰᠠᠨ | ᠪᠠᠶᠢᠪᠠᠯ ᠦᠯ ᠰᠢᠮ᠎ᠡ ᠲᠠᠢ ᠶᠢᠨ ᠳᠡᠮᠳᠡᠭ᠂ ᠬᠡᠷᠪᠡ ᠵᠠᠵᠢᠯᠤᠭᠰᠠᠨ ᠡᠪᠡᠰᠦ ᠨᠢ ᠳᠠᠮᠠᠢ ᠠᠮᠳᠠ ᠦᠭᠡᠢ ᠪᠦᠭᠡᠳ | ᠨᠢᠯᠪᠤᠬᠤ ᠳᠤ ᠦᠩᠭᠡ ᠨᠢ ᠬᠤᠪᠢᠷᠠᠬᠤ ᠦᠭᠡᠢ ᠪᠠᠶᠢᠪᠠᠯ ᠦᠯ ᠰᠢᠮ᠎ᠡ ᠦᠭᠡᠢ ᠶᠢᠨ ᠰᠢᠨᠵᠢ ᠪᠤᠯᠤᠨ᠎ᠠ᠃ | | | |