︽ᠤᠨᠠᠬᠰᠠᠨ ᠰᠢᠷᠤᠢ ᠠᠯᠳᠠ᠂ ᠤᠤᠭᠤᠬᠰᠠᠨ ᠤᠰᠤ ᠷᠠᠰᠢᠶᠠᠨ︾ ᠭᠡᠳᠡᠭ ᠢᠶᠠᠷ ᠲᠦᠷᠦᠭᠰᠡᠨ ᠨᠤᠳᠤᠬ ᠢᠶᠠᠨ | ᠦᠪᠡᠷ ᠤᠨ ᠠᠯᠢᠪᠠ ᠠᠴᠠ ᠪᠠᠨ ᠢᠯᠡᠬᠦᠤ ᠬᠠᠶᠢᠷᠠᠯᠠᠨ ᠬᠠᠮᠠᠭᠠᠯᠠᠵᠤ᠂ ᠡᠯᠡᠰᠦᠷᠭᠡᠭᠵᠢᠵᠤ ᠳᠠᠴᠢᠷᠰᠢᠬᠰᠠᠨ ᠨᠤᠳᠤᠬ | ᠪᠡᠯᠴᠢᠭᠡᠷ ᠢᠶᠠᠨ ᠳᠤᠤᠷᠯᠠᠨ ᠬᠦᠷᠢᠶᠡᠯᠡᠵᠤ᠂ ᠠᠮᠢ ᠠᠬᠤᠢ ᠶᠢ ᠰᠠᠶᠢᠵᠢᠷᠠᠭᠤᠯᠤᠨ ᠦᠯᠡᠮᠵᠢ ᠠᠮᠵᠢᠯᠳᠠ ᠤᠯᠤᠬᠰᠠᠨ | ᠰᠦᠬᠡ ᠪᠤᠯ ᠰᠢᠯᠦᠭᠤᠨ ᠬᠦᠬᠡ ᠬᠤᠰᠢᠭᠤᠨ ᠤ ᠰᠠᠶᠢᠨᠬᠤᠳᠳᠤᠬ ᠰᠤᠮᠤᠨ ᠤ ᠴᠠᠭᠠᠬᠤᠪᠤᠭ᠎ᠠ ᠭᠠᠴᠠᠭᠠᠨ ᠤ ᠡᠩ ᠤᠨ | ᠨᠢᠬᠡᠨ ᠮᠠᠯᠴᠢᠨ ᠵᠠᠯᠠᠭᠤ ᠶᠤᠮ᠃ | 1998 ᠤᠨ ᠳᠤ ᠵᠠᠯᠠᠭᠤ ᠮᠠᠯᠴᠢᠨ ᠰᠦᠬᠡ ᠶᠢᠨ ᠬᠢᠨ ᠭᠠᠴᠠᠭᠠᠨ ᠠᠴᠠ ᠪᠠᠨ ᠨᠡᠶᠢᠳᠡ 3290 ᠮᠦ ︵ | ᠡᠬᠦᠨ ᠳᠤ ᠵᠤᠰᠠᠯᠡᠩ ᠤᠨ ᠭᠠᠵᠠᠷ 1290 ᠮᠦ︶ ᠶᠢᠨ ᠨᠤᠳᠤᠬ ᠪᠡᠯᠴᠢᠭᠡᠷ ᠢ ᠳᠠᠭᠠᠭᠠᠴᠢᠯᠠᠨ ᠠᠪᠴᠠᠢ᠃ ᠭᠠᠨᠭ᠌ | ᠬᠠᠭᠰᠠᠷᠠᠭᠠᠠ᠂ ᠮᠠᠯ ᠤᠨ ᠲᠤᠭ᠎ᠠ ᠲᠤᠯᠤᠭᠠᠢ ᠶᠢᠨ ᠨᠡᠮᠡᠭᠳᠡᠯ ᠵᠡᠷᠭᠡ ᠤᠯᠠᠠ ᠰᠢᠯᠳᠠᠭᠠᠠ ᠠᠴᠠ ᠭᠠᠴᠠᠭᠠᠨ ᠤ | ᠵᠤᠰᠠᠯᠠᠩ ᠤᠨ ᠪᠡᠯᠴᠢᠬᠡᠷ ᠡᠯᠡᠰᠦᠷᠭᠡᠭᠵᠢᠬᠦ ᠳᠡᠶᠢᠰᠢ ᠬᠠᠨᠳᠤᠬᠰᠠᠨ ᠪᠠᠶᠢᠨ᠎ᠠ᠃ ᠨᠡᠩ ᠴᠤ 2015 ᠤᠨ ᠪᠤᠯᠬᠤ ᠳᠤ | ᠰᠦᠬᠡ ᠶᠢᠨ ᠮᠢᠩᠭ᠎ᠠ ᠭᠠᠷᠤᠢ ᠮᠦ ᠵᠤᠰᠠᠯᠠᠩ ᠤᠨ ᠨᠤᠳᠤᠬ ᠪᠡᠯᠴᠢᠬᠡᠷ ᠨᠢ ᠬᠠᠮᠢᠭᠠᠰᠢ ᠪᠠᠨ ᠬᠠᠷᠠᠬᠰᠠᠨ ᠴᠤ ᠬᠦᠯᠢᠬᠡᠷ | ᠴᠠᠭᠠᠨ ᠡᠯᠡᠰᠤ ᠮᠠᠩᠬ᠎ᠠ ᠴᠠᠶᠢᠯᠵᠠᠨ ᠬᠠᠷᠠᠬᠳᠠᠬᠤ ᠠᠴᠠ ᠪᠢᠰᠢ᠂ ᠵᠤᠨ ᠤ ᠵᠢᠷᠭᠤᠭᠠᠨ ᠰᠠᠷ᠎ᠠ ᠪᠠᠷ ᠴᠤ ᠨᠤᠭᠤᠭᠠᠷᠠᠨ | ᠬᠠᠷᠠᠬᠳᠠᠬᠤ ᠭᠠᠵᠠᠷ ᠭᠡᠵᠤ ᠪᠠᠷᠤᠬ ᠵᠢᠭᠠᠬᠠᠨ ᠴᠤ ᠦᠬᠡᠢ ᠪᠤᠯᠤᠬᠰᠠᠨ ᠪᠠᠶᠢᠯ᠎ᠠ᠃ ᠡᠯᠡᠰᠦᠷᠭᠡᠭᠵᠢᠵᠤ | ᠳᠠᠴᠢᠷᠰᠢᠬᠤ ᠶᠢᠨ ᠲᠦᠢᠯ ᠳᠤ ᠬᠦᠷᠦᠭᠰᠡᠨ ᠨᠤᠳᠤᠬ ᠢᠶᠠᠨ ᠬᠠᠷᠠᠬᠰᠠᠨ ᠰᠦᠬᠡ ᠶᠢᠨ ᠡᠯᠢᠬᠡ ᠨᠢ ᠡᠮᠳᠡᠷᠡᠨ ᠵᠢᠷᠤᠬᠡ ᠨᠢ | ᠰᠢᠮᠰᠢᠷᠡᠬᠦ ᠰᠢᠭ ᠪᠤᠯᠵᠤ ᠶᠠᠭᠠᠬᠢᠭᠠᠳ ᠴᠤ ᠭᠡᠰᠡᠨ ᠵᠠᠪᠠᠯ ᠦᠬᠡᠷᠡᠴᠢᠯᠡᠵᠤ ᠠᠪᠬᠤ ᠪᠠᠷ ᠬᠠᠳᠠᠭᠤ ᠵᠤᠷᠢᠬ ᠰᠢᠭᠤᠳᠤᠯ᠎ᠠ᠃ | | ᠳᠡᠭᠡᠭᠡᠳ 2015 ᠤᠨ ᠤ ᠬᠠᠪᠤᠷ ᠰᠦᠭᠡ ᠦᠪᠡᠷ ᠤᠨ ᠵᠤᠰᠠᠯᠠᠩ ᠤᠨ ᠭᠠᠵᠠᠷ ᠢᠶᠠᠨ ᠳᠤᠤᠷᠯᠠᠨ | ᠪᠢᠳᠡᠬᠦᠮᠵᠢᠯᠡᠬᠦ ᠪᠠᠷ ᠪᠤᠯᠵᠤ᠂ ᠦᠪᠡᠷᠳᠡᠭᠡᠨ ᠪᠡᠯᠡ ᠮᠦᠡᠭᠭᠦ ᠵᠠᠷᠤᠴᠠᠭᠤᠯᠵᠤ᠂ ᠪᠦᠬᠦᠨ ᠢ ᠳᠤᠤᠷᠯᠠᠨ ᠪᠢᠳᠡᠬᠦᠮᠵᠢᠯᠡᠨ | ᠠᠮᠢ ᠠᠬᠤᠢ ᠶᠢ ᠰᠠᠶᠢᠵᠢᠷᠠᠭᠤᠯᠵᠤ᠂ ᠪᠡᠯᠴᠢᠬᠡᠷ ᠰᠡᠷᠭᠦᠬᠡᠬᠦ ᠠᠵᠢᠯ ᠢᠶᠠᠨ ᠡᠬᠢᠯᠡᠬᠦᠯᠦᠭᠰᠡᠨ ᠪᠠᠶᠢᠨ᠎ᠠ᠃ ᠨᠤᠳᠤᠭ ᠢᠶᠠᠨ | ᠪᠢᠳᠡᠬᠦᠮᠵᠢᠯᠡᠪᠡᠯ᠂ ᠮᠠᠯ ᠤᠨᠤᠭ᠎ᠠ ᠪᠠᠨ ᠴᠦᠬᠡᠳᠬᠡᠬᠦ ᠬᠡᠷᠡᠭᠳᠡᠢ᠂ ᠬᠡᠬᠦ ᠳᠤ ᠮᠠᠯ ᠢᠶᠠᠨ ᠴᠦᠭᠡᠳᠬᠡᠪᠡᠯ ᠠᠮᠢᠳᠤᠷᠠᠯ | ᠶᠠᠭᠠᠬᠢᠨ᠎ᠠ⁈ ᠰᠦᠬᠡ ᠪᠤᠳᠤᠯᠬᠢᠯᠠᠬᠰᠠᠭᠠᠷ ᠁ ᠶᠠᠭᠤ ᠴᠤ ᠪᠤᠯᠤᠬᠰᠠᠨ ᠮᠠᠯ ᠠᠵᠤ ᠠᠬᠤᠢ ᠶᠢᠨ | ᠦᠢᠯᠡᠳᠪᠦᠷᠢᠯᠡᠯ ᠢᠶᠠᠨ ᠦᠷᠭᠦᠯᠵᠢᠯᠡᠭᠦᠯᠦᠶ᠎ᠡ ᠬᠡᠪᠡᠯ ᠨᠤᠳᠤᠬ ᠪᠡᠯᠴᠢᠬᠡᠷ ᠯᠡ ᠴᠢᠬᠤᠯᠠ᠂ ᠨᠢᠳᠤᠨ ᠡᠮᠤᠨᠡᠬᠢ ᠪᠠᠨ | ᠪᠤᠳᠤᠵᠤ ᠨᠤᠳᠤᠬ ᠪᠡᠯᠴᠢᠬᠡᠷ ᠢᠶᠠᠨ ᠰᠦᠢᠳᠬᠡᠵᠤ ᠬᠠᠶᠠᠪᠠᠯ᠂ ᠢᠷᠡᠭᠡᠳᠤᠢ ᠳᠤ ᠶᠠᠭᠠᠬᠢᠨ᠎ᠠ ᠁ ᠡᠶᠢᠮᠤ ᠠᠴᠠ | ᠬᠠᠰᠢᠯᠠ ᠨᠤᠳᠤᠬ ᠪᠡᠯᠴᠢᠬᠡᠷ ᠢᠶᠠᠨ ᠬᠠᠮᠠᠭᠠᠯᠠᠬᠤ ᠪᠤᠯ ᠴᠢᠬᠤᠯᠠ ᠠᠴᠠ ᠴᠢᠬᠤᠯᠠ ᠁ ᠰᠦᠬᠡ ᠢᠡᠭᠭᠢᠵᠤ ᠯᠡ | ᠵᠤᠷᠢᠬ ᠰᠢᠭᠤᠳᠤᠬᠰᠠᠨ ᠤ ᠡᠴᠤᠰ ᠲᠤ ᠵᠤᠰᠠᠯᠠᠩ ᠤᠨ ᠭᠠᠵᠠᠷ ᠢᠶᠠᠨ ᠪᠦᠬᠦᠨ ᠢ ᠪᠢᠳᠡᠬᠦᠮᠵᠢᠯᠡᠵᠤ᠂ ᠬᠡᠳᠤᠨ ᠵᠢᠯ ᠮᠠᠯ | ᠤᠷᠤᠭᠤᠯᠬᠤ ᠦᠬᠡᠢ ᠪᠠᠷ ᠰᠢᠢᠳᠤᠯᠠ᠃ ᠡᠬᠦᠨ ᠤ ᠳᠠᠭᠠᠤ ᠳᠤ ᠳᠡᠷᠡ ᠦᠪᠡᠷ ᠤᠨ ᠮᠠᠯᠵᠢᠵᠤ ᠪᠠᠶᠢᠬᠰᠠᠨ 200 | ᠰᠢᠬᠠᠮ ᠬᠤᠨᠢ ᠪᠠᠨ ᠪᠦᠬᠦᠨ ᠢ ᠬᠤᠳᠠᠯᠳᠤᠨ᠂ ᠦᠪᠡᠷ ᠤᠨ ᠦᠯᠡᠳᠡᠭᠰᠡᠨ ᠨᠤᠳᠤᠬ ᠲᠤ ᠪᠠᠨ ᠮᠠᠯᠵᠢᠬᠤ | ᠪᠤᠯᠤᠯᠴᠠᠭ᠎ᠠ ᠲᠠᠢ ᠴᠦᠬᠡᠪᠦᠷ ᠳᠤᠭᠠᠨ ᠤ ᠴᠢᠨᠠᠷ ᠰᠠᠶᠢᠳᠡᠢ᠂ ᠰᠠᠶᠢᠨ ᠡᠬᠦᠯᠳᠡᠷ ᠤᠨ ᠦᠬᠡᠷ ᠮᠠᠯᠵᠢᠵᠤ ᠡᠬᠢᠯᠡᠭᠰᠡᠨ | ᠪᠠᠶᠢᠨ᠎ᠠ᠃ ᠡᠬᠢᠨ ᠤ ᠬᠤᠶᠠᠷ ᠵᠢᠯ ᠳᠤ ᠡᠪ ᠢ ᠨᠢ ᠤᠯᠬᠤ ᠦᠬᠡᠢ᠂ ᠮᠠᠯ ᠤᠨ ᠪᠡᠯᠴᠢᠬᠡᠷ ᠬᠦᠷᠦᠯᠴᠡᠬᠦ ᠦᠬᠡᠢ᠂ | ᠵᠤᠰᠠᠯᠠᠩ ᠳᠤ ᠮᠠᠯ ᠢᠶᠠᠨ ᠭᠠᠷᠭᠠᠵᠤ ᠳᠡᠶᠢᠯᠬᠦ ᠦᠬᠡᠢ ᠭᠡᠴᠡᠬᠦᠬᠡᠨ ᠯᠡ ᠪᠠᠶᠢᠯ᠎ᠠ᠃ ᠳᠡᠷᠡ ᠠᠮᠢᠳᠤᠷᠠᠯ ᠢᠶᠠᠨ | ᠦᠭᠡᠳᠡᠯᠡᠭᠦᠯᠭᠦ ᠳᠤ ᠪᠠᠰᠠ ᠤᠨᠳᠤᠤ ᠠᠷᠭ᠎ᠠ ᠵᠠᠮ ᠡᠷᠢᠯᠬᠢᠯᠡᠬᠦ ᠬᠡᠷᠡᠭᠳᠡᠢ ᠭᠡᠳᠡᠭ ᠢ ᠮᠡᠳᠡᠷᠡᠯ᠎ᠠ᠃ ᠭᠠᠭᠴᠠ ᠮᠠᠯ ᠢᠶᠠᠨ | ᠬᠠᠷᠠᠪᠠᠯ ᠳᠤᠬᠳᠠᠬᠰᠠᠨ ᠤᠯᠠᠷᠢᠯ ᠤᠨ ᠯᠡ ᠮᠦᠡᠭᠭᠦ᠂ ᠦᠬᠡᠷ᠎ᠠ ᠤᠷᠤᠯᠭ᠎ᠠ ᠭᠡᠵᠤ ᠠᠯᠠᠭ᠎ᠠ᠂ ᠳᠡᠷᠡ ᠡᠨᠡ ᠪᠦᠬᠦᠳᠡ ᠶᠢ | ᠪᠤᠳᠤᠵᠤ᠂ ᠶᠠᠭᠤ ᠴᠤ ᠭᠡᠰᠡᠨ ᠨᠤᠳᠤᠬ ᠪᠡᠯᠴᠢᠬᠡᠷ ᠢᠶᠠᠨ ᠨᠤᠭᠤᠭᠠᠷᠠᠭᠤᠯᠵᠤ ᠠᠪᠬᠤ ᠶᠢᠨ ᠳᠠᠭᠠᠤ ᠤᠷᠤᠯᠭ᠎ᠠ ᠪᠠᠨ | ᠨᠡᠮᠡᠭᠳᠡᠭᠦᠯᠭᠦ ᠠᠷᠭ᠎ᠠ ᠵᠠᠮ ᠰᠦᠪᠡᠭᠴᠢᠯᠡᠨ᠎ᠡ᠃ ᠰᠦᠬᠡ ᠢᠡᠭᠭᠢᠵᠤ ᠯᠡ ᠵᠤᠷᠢᠬᠯᠠᠵᠤ ᠵᠤᠰᠠᠯᠠᠩ ᠤᠨ ᠪᠡᠯᠴᠢᠬᠡᠷ ᠲᠤ ᠪᠠᠨ | ᠲᠦᠷᠪᠡᠨ ᠤᠯᠠᠷᠢᠯ ᠢᠶᠠᠷ ᠮᠠᠯ ᠤᠷᠤᠭᠤᠯᠬᠤ ᠶᠢ ᠬᠢᠵᠠᠭᠠᠷᠯᠠᠵᠤ᠂ ᠠᠮᠢ ᠠᠬᠤᠢ ᠶᠢ ᠬᠠᠮᠠᠭᠠᠯᠠᠵᠤ ᠪᠡᠯᠴᠢᠬᠡᠷ ᠰᠡᠷᠬᠦᠬᠡᠬᠦ | ᠠᠵᠢᠯ ᠢ ᠤᠰᠤᠯᠳᠠᠯ ᠦᠬᠡᠢ ᠰᠠᠶᠢᠨ ᠬᠢᠵᠤ ᠢᠷᠡᠭᠰᠡᠨ ᠠᠴᠠ ᠤᠬᠤᠷᠬᠠᠨ 6 ᠵᠢᠯ ᠤᠨ ᠳᠤᠷᠰᠢ᠂ ᠳᠠᠷᠤᠢ ᠤᠳᠤ | ᠪᠤᠯᠬᠤ ᠳᠤ ᠳᠡᠳᠡᠨ ᠤ 1290 ᠮᠦ ᠶᠢᠨ ᠵᠤᠰᠠᠯᠠᠩ ᠤᠨ ᠭᠠᠵᠠᠷ ᠠᠮᠢᠯᠠᠯ ᠤᠨ ᠬᠦᠴᠤᠨ ᠢᠶᠠᠨ ᠤᠯᠵᠤ᠂ | ᠬᠠᠮᠢᠭᠠᠰᠢ ᠨᠢ ᠬᠠᠷᠠᠬᠰᠠᠨ ᠴᠤ ᠨᠤᠭᠤᠭᠠᠨ ᠦᠡᠭᠭᠡ ᠪᠠᠷ ᠪᠢᠯᠬᠠᠠ᠂ ᠦᠨᠳᠤᠰᠤ ᠳᠠᠰᠤᠷᠠᠮᠠᠷ ᠰᠢᠬᠠᠬᠰᠠᠨ ᠤᠯᠠᠨ | ᠲᠦᠷᠦᠯ ᠤᠨ ᠡᠪᠡᠰᠤ ᠤᠷᠭᠤᠮᠠᠯ᠂ ᠤᠢ ᠮᠤᠳᠤ᠂ ᠵᠦᠢᠯ ᠪᠦᠷᠢ ᠶᠢᠨ ᠴᠡᠴᠡᠭ ᠬᠤᠸᠠᠷ ᠦᠡᠭᠭᠡ ᠪᠤᠯᠢᠶᠠᠯᠴᠠᠨ | ᠰᠠᠯᠬᠢᠨ ᠤ ᠠᠶᠠᠰ ᠢᠶᠠᠷ ᠬᠠᠯᠢᠭᠤᠷᠠᠨ ᠨᠠᠶᠢᠭᠤᠬᠤ ᠨᠢ ᠶᠤᠰᠤᠳᠡᠢ ᠨᠢᠭᠡᠨ ᠠᠶᠠᠨᠳᠠᠭᠠᠨ ᠤ ᠪᠦᠳᠦᠭᠰᠡᠨ ᠪᠠᠶᠢᠭᠠᠯᠢ ᠶᠢᠨ | ᠦᠵᠡᠮᠵᠢᠳᠤ ᠤᠷᠤᠨ ᠬᠡᠬᠦ ᠳᠤ ᠤᠬᠳᠤᠬᠠᠨ ᠴᠤ ᠢᠯᠡᠬᠦᠳᠡᠬᠦ ᠭᠠᠵᠠᠷ ᠦᠬᠡᠢ ᠪᠤᠯᠤᠯ᠎ᠠ᠃ | ᠵᠠᠯᠠᠭᠤ ᠮᠠᠯᠴᠢᠨ ᠰᠦᠬᠡ ᠵᠦᠪᠬᠡᠨ ᠵᠤᠰᠠᠯᠠᠩ ᠤᠨ ᠢᠶᠠᠨ ᠮᠢᠩᠭ᠎ᠠ ᠭᠠᠷᠤᠢ ᠮᠦ ᠨᠤᠳᠤᠬ ᠪᠡᠯᠴᠢᠬᠡᠷ ᠤᠨ ᠢᠶᠠᠨ | ᠠᠮᠢ ᠠᠬᠤᠢ ᠶᠢ ᠯᠡ ᠬᠠᠮᠠᠭᠠᠯᠠᠨ ᠰᠠᠶᠢᠵᠢᠷᠠᠭᠤᠯᠤᠬᠰᠠᠨ ᠳᠡᠳᠤᠢ ᠪᠠᠷ ᠵᠤᠬᠰᠤᠬᠤ ᠪᠢᠰᠢ᠂ ᠳᠡᠷᠡ ᠪᠠᠰᠠ | ᠡᠪᠤᠯᠵᠢᠶᠡᠨ ᠤ ᠮᠢᠩᠭᠠᠨ ᠮᠦ ᠨᠤᠳᠤᠬ ᠪᠡᠯᠴᠢᠭᠡᠷ ᠢᠶᠠᠨ ᠴᠤ ᠲᠦᠷᠪᠡ ᠬᠤᠪᠢᠶᠠᠨ ᠬᠡᠰᠡᠭᠯᠡᠨ᠂ ᠤᠯᠠᠷᠢᠯ ᠤᠨ ᠴᠢᠨᠠᠷᠳᠡᠢ | ᠰᠡᠯᠬᠦᠨ ᠮᠠᠯᠵᠢᠬᠤ ᠶᠢ ᠴᠢᠩᠭ᠎ᠠ ᠪᠠᠷᠢᠮᠳᠠᠯᠠᠵᠤ ᠢᠷᠡᠭᠰᠡᠨ ᠠᠴᠠ ᠳᠡᠬᠦᠨ ᠤ ᠪᠦᠬᠦ᠋ᠢᠯᠡ ᠨᠤᠳᠤᠬ ᠪᠡᠯᠴᠢᠭᠡᠷ ᠤᠢ ᠮᠤᠳᠤ᠂ | ᠡᠪᠡᠰᠤ ᠤᠷᠭᠤᠮᠠᠯ ᠢᠶᠠᠷ ᠴᠢᠮᠡᠭᠯᠡᠭᠳᠡᠬᠦ ᠪᠤᠯᠵᠡᠢ᠃ ᠬᠡᠬᠦ ᠳᠤ ᠨᠤᠳᠤᠬ ᠤᠨ ᠬᠦᠮᠤᠰ ᠨᠢ ᠴᠤ ᠰᠦᠬᠡ ᠶᠢᠨ ᠦᠷ᠎ᠠ | ᠪᠦᠳᠤᠮᠵᠢ ᠠᠴᠠ ᠲᠤᠷᠰᠢᠯᠭ᠎ᠠ ᠠᠪᠴᠤ ᠨᠤᠳᠤᠬ ᠪᠡᠯᠴᠢᠬᠡᠷ ᠢᠶᠠᠨ ᠬᠠᠮᠠᠭᠠᠯᠠᠬᠤ ᠶᠢ ᠳᠡᠷᠢᠬᠦᠨ ᠳᠤ ᠳᠠᠯᠪᠢᠳᠠᠬ ᠪᠤᠯᠵᠤ | ᠦᠪᠡᠷ ᠦᠪᠡᠷ ᠤᠨ ᠪᠤᠳᠠᠳᠤ ᠪᠠᠶᠢᠳᠠᠯ ᠢᠶᠠᠨ ᠦᠨᠳᠤᠰᠤᠯᠡᠨ ᠨᠤᠭᠤᠭᠠᠷᠠᠭᠤᠯᠤᠯᠳᠠ ᠶᠢ ᠡᠷᠬᠢᠮᠯᠡᠳᠡᠭ ᠪᠤᠯᠤᠯ᠎ᠠ᠃ | ᠨᠤᠳᠤᠬ ᠪᠠᠯᠴᠢᠭᠡᠷ ᠢᠶᠠᠨ ᠬᠠᠮᠠᠭᠠᠯᠠᠵᠤ᠂ ᠠᠮᠢ ᠠᠬᠤᠢ ᠪᠠᠨ ᠰᠠᠶᠢᠵᠢᠷᠠᠭᠤᠯᠤᠠ ᠦᠯᠡᠮᠵᠢ ᠠᠮᠵᠢᠯᠳᠠ | ᠤᠯᠤᠬᠰᠠᠨ ᠰᠦᠬᠡ ᠶᠢᠨ ᠬᠢᠨ ᠭᠦᠭᠡᠮᠳᠦᠭ ᠨᠤᠭᠤᠭᠠᠠ ᠠᠭᠤᠯᠠ ᠤᠰᠤ ᠪᠤᠯ ᠠᠯᠳᠠ ᠮᠦᠡᠭᠭᠦᠡ ᠠᠭᠤᠯᠠ ᠭᠡᠭᠦ | ᠤᠢᠢᠯᠠᠭᠠᠬᠳᠠᠬᠤᠠ ᠢ ᠪᠤᠳᠠᠳᠤ ᠠᠵᠢᠯᠯᠠᠭ᠎ᠠ ᠪᠠᠷ ᠢᠶᠠᠨ ᠦᠢᠯᠡᠳᠦᠯᠭᠡᠵᠢᠭᠦᠯᠤᠠ ᠨᠤᠳᠤᠭ ᠤᠰᠤ ᠪᠠᠨ ᠨᠤᠭᠤᠭᠠᠷᠠᠭᠤᠯᠤᠠ | ᠴᠢᠨᠡᠭᠡᠯᠢᠭ ᠠᠮᠢᠳᠤᠷᠠᠯ ᠤᠨ ᠵᠢᠯᠤᠭᠤ ᠰᠤᠩᠭᠠᠨᠡ᠃ | |