ᠡᠷᠲᠡᠨ ᠤ ᠬᠠᠶᠠᠭ᠎ᠠ ᠬᠡᠷᠡᠮ ᠬᠤᠳᠠ
ᠨᠡᠶᠢᠲᠡᠯᠡᠭᠰᠡᠨ ᠴᠠᠭ᠄
2021/8/4
     ᠯᠢᠶᠤᠤ ᠤᠯᠤᠰ᠂ ᠠᠯᠲᠠᠨ ᠤᠯᠤᠰ ᠤᠨ ᠦᠶ᠎ᠡ ᠶᠢᠨ ᠡᠷᠳᠡᠨ ᠤ ᠬᠤᠳᠠ᠃ ᠰᠢᠨ᠎ᠡ ᠪᠠᠷᠭᠤ ᠵᠡᠬᠦᠨ ᠬᠤᠰᠢᠭᠤᠨ ᠤ ᠰᠢᠨᠠᠪᠤᠯᠠᠭ ᠪᠠᠷᠠᠭᠤᠨ ᠰᠤᠮᠤ ᠶᠢᠨ ᠵᠡᠬᠦᠨ ᠡᠮᠦᠨ᠎ᠡ᠂ ᠰᠢᠨ᠎ᠡ ᠪᠠᠷᠭᠤ ᠵᠡᠬᠦᠨ ᠬᠤᠰᠢᠭᠤ ᠪᠤᠯᠤᠨ ᠡᠸᠡᠩᠬᠢ ᠦᠨᠳᠦᠰᠦᠳᠡᠨ ᠤ ᠦᠪᠡᠷᠳᠡᠭᠡᠨ ᠵᠠᠰᠠᠬᠤ ᠬᠤᠰᠢᠭᠤ ᠲᠠᠢ ᠵᠠᠬ᠎ᠠ ᠨᠡᠶᠢᠯᠠᠵᠤ᠂ ᠵᠡᠬᠦᠨᠰᠢ ᠬᠤᠢ ᠭᠤᠤᠯ ᠠᠴᠠ ᠪᠠᠷᠤᠭ 15 ᠺᠢᠯᠤᠮᠧᠲᠷ ᠵᠠᠢ ᠲᠠᠢ ᠤᠷᠤᠨ ᠳᠤ ᠪᠠᠶᠢᠷᠢᠯᠠᠵᠤ ᠪᠤᠢ᠃ ᠡᠷᠲᠡᠨ ᠤ ᠬᠤᠳᠠ ᠶᠢᠨ ᠪᠠᠷᠠᠭᠤᠨ ᠲᠠᠯ᠎ᠠ᠂ ᠠᠷᠤ ᠲᠠᠯ᠎ᠠ ᠪᠠᠷ ᠨᠢ ᠠᠭᠤᠯᠠ ᠲᠤᠪᠤ ᠦᠷᠬᠦᠯᠵᠢᠯᠡᠵᠦ᠂ ᠬᠤᠳᠠ ᠶᠢᠨ ᠡᠮᠦᠨ᠎ᠡ ᠨᠢ ᠨᠢᠭᠡ ᠨᠠᠭᠤᠷ ᠪᠤᠢ᠃ ᠬᠤᠳᠠ ᠶᠢᠨ ᠡᠭᠦᠳᠡ ᠨᠢ ᠵᠡᠬᠦᠨᠰᠢ ᠬᠠᠨᠳᠤᠵᠤ᠂ ᠤᠷᠲᠤ ᠲᠦᠷᠪᠡᠯᠵᠢᠨ ᠬᠡᠯᠪᠡᠷᠢᠲᠤ ᠬᠤᠳᠠ ᠶᠢᠨ ᠬᠡᠷᠡᠮ ᠨᠢ ᠨᠡᠯᠢᠶᠠᠳ ᠪᠦᠷᠢᠨ ᠪᠦᠲᠦᠨ ᠬᠠᠳᠠᠭᠠᠯᠠᠭᠳᠠᠵᠤ ᠪᠠᠶᠢᠨ᠎ᠠ᠃ ᠡᠮᠦᠨᠡᠰᠢ ᠬᠤᠶᠢᠰᠢ ᠪᠠᠷᠤᠭ 350 ᠮᠧᠲᠷ ᠤᠷᠲᠤ᠂ ᠵᠡᠭᠦᠨᠰᠢ ᠪᠠᠷᠠᠭᠤᠨᠰᠢ ᠪᠠᠷᠤᠭ 337 ᠮᠧᠲᠷ ᠦᠷᠭᠡᠨ᠂ ᠬᠤᠳᠠ ᠶᠢᠨ ᠬᠡᠷᠡᠮ ᠤᠨ ᠦᠨᠳᠦᠷ ᠨᠢ ᠪᠠᠷᠤᠭ 3  ᠮᠧᠲᠷ᠃ ᠵᠡᠬᠦᠨ ᠪᠠᠷᠠᠭᠤᠨ ᠲᠠᠯ᠎ᠠ ᠳᠤ ᠨᠢ ᠬᠤᠶᠠᠷ ᠬᠠᠭᠠᠯᠭ᠎ᠠ ᠲᠠᠢ᠂ ᠬᠠᠭᠠᠯᠭ᠎ᠠ ᠶᠢᠨ ᠦᠷᠭᠡᠨ ᠨᠢ 10 ᠮᠧᠲᠷ᠃ ᠬᠠᠭᠠᠯᠭ᠎ᠠ ᠶᠢᠨ ᠭᠠᠳᠠᠨ᠎ᠠ ᠨᠢ ᠬᠠᠯᠬᠠᠪᠴᠢ ᠬᠡᠷᠡᠮ ᠲᠠᠢ᠃ ᠬᠤᠳᠠ ᠲᠤᠳᠤᠷᠠᠬᠢ ᠵᠡᠭᠡᠯᠢ ᠭᠤᠳᠤᠮᠵᠢ ᠶᠢᠨ ᠪᠠᠷᠢᠯᠭ᠎ᠠ ᠶᠢᠨ ᠪᠠᠭᠤᠷᠢ ᠨᠢ ᠭᠤᠤᠯᠳᠠᠭᠤ ᠬᠤᠳᠠ ᠶᠢᠨ ᠪᠠᠷᠠᠭᠤᠨ ᠲᠠᠯ᠎ᠠ ᠪᠠ ᠬᠤᠳᠠ ᠶᠢᠨ ᠬᠤᠶᠢᠲᠤ ᠬᠡᠰᠡᠭ ᠢᠶᠠᠷ ᠪᠠᠶᠢᠷᠢᠯᠠᠵᠤ ᠪᠤᠢ᠃      ︽ᠮᠤᠩᠭᠤᠯ ᠰᠤᠳᠤᠯᠤᠯ ᠤᠨ ᠨᠡᠪᠳᠡᠷᠬᠡᠢ ᠲᠤᠯᠢ︾ ︵ᠲᠡᠦᠬᠡ ᠶᠢᠨ ᠲᠤᠷᠠᠰᠬᠠᠯᠳᠤ ᠵᠦᠢᠯᠡᠰ ᠪᠠ ᠬᠠᠭᠤᠴᠢ ᠰᠤᠳᠤᠯᠤᠯ︶ ᠭᠡᠬᠦ ᠨᠤᠮ ᠠᠴᠠ ᠬᠠᠭᠤᠯᠪᠤᠷᠢᠯᠠᠪᠠ᠃
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠢ ᠰᠢᠭᠤᠢ ᠪᠠ ᠨᠤᠳᠤᠭ ᠪᠡᠯᠴᠢᠭᠡᠷ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号