ᠪᠦᠷᠬᠦᠬᠦ ᠮᠡᠷᠭᠡᠵᠢᠯ ᠢ ᠠᠰᠢᠭᠯᠠᠨ ᠡᠪᠡᠳᠴᠢᠨ ᠬᠤᠷᠤᠬᠠᠢ ᠶᠢᠨ ᠬᠦᠨᠦᠭᠡᠯ ᠢ ᠬᠡᠷᠬᠢᠨ ᠬᠢᠵᠠᠭᠠᠷᠯᠠᠬᠤ ᠪᠤᠢ
ᠨᠡᠶᠢᠲᠡᠯᠡᠭᠰᠡᠨ ᠴᠠᠭ᠄
2021/9/28
     ᠪᠦᠷᠬᠦᠬᠦ ᠮᠡᠷᠭᠡᠵᠢᠯ ᠤᠨ ᠬᠠᠮᠤᠭ ᠰᠠᠶᠢᠨ ᠲᠠᠯ᠎ᠠ ᠨᠢ ᠬᠦᠷᠦᠰᠦᠨ ᠤ ᠤᠰᠤ ᠠᠭᠤᠯᠤᠭᠳᠠᠴᠠ ᠶᠢ ᠪᠠᠲᠤᠯᠠᠬᠤ ᠪᠠ ᠤᠷᠭᠠᠨᠢᠭ ᠪᠤᠳᠠᠰ ᠢ ᠨᠡᠮᠡᠭᠳᠡᠭᠦᠯᠬᠦ ᠳᠤ ᠪᠤᠢ᠃ ᠨᠡᠯᠢᠶᠡᠳ ᠤᠷᠲᠦ ᠬᠤᠭᠤᠴᠠᠭᠠᠨ ᠤ ᠲᠠᠷᠢᠶᠠᠯᠠᠭ᠎ᠠ ᠶᠢᠨ ᠦᠢᠯᠡᠳᠦᠯᠭᠡ ᠶᠢᠨ ᠳᠤᠮᠳᠠ᠂ ᠭᠤᠤᠯᠳᠠᠭᠤ ᠦᠨᠳᠦᠰᠦᠨ ᠭᠤᠤᠷᠰᠤ᠂ ᠦᠯᠡᠳᠡᠭᠳᠡᠯ ᠪᠤᠳᠠᠰ ᠵᠡᠷᠭᠡ ᠤᠷᠭᠠᠨᠢᠭ ᠪᠡᠶᠡᠲᠦ ᠪᠠᠷ ᠭᠤᠣᠯ ᠪᠤᠯᠭᠠᠭᠰᠠᠨ ᠪᠦᠷᠬᠦᠬᠦ ᠮᠡᠷᠭᠡᠵᠢᠯ ᠢ ᠬᠡᠷᠡᠭᠯᠡᠵᠦ ᠪᠠᠶᠢᠨ᠎ᠠ᠃ ᠪᠦᠷᠬᠦᠪᠴᠢ ᠶᠢ ᠠᠰᠢᠭᠯᠠᠨ ᠬᠦᠷᠦᠰᠦ ᠡᠭᠡᠭᠡᠬᠦ ᠶᠢ ᠨᠡᠯᠢᠶᠡᠳ ᠶᠡᠭᠡ ᠲᠠᠯᠠᠪᠠᠢ ᠪᠠᠷ ᠶᠠᠪᠤᠭᠳᠠᠭᠤᠯᠵᠤ ᠪᠤᠯᠤᠨ᠎ᠠ᠃ ᠲᠡᠭᠦᠨ ᠤ ᠬᠦᠨᠦᠭᠡᠯᠲᠦ ᠠᠮᠢᠲᠦ ᠪᠤᠳᠠᠰ ᠢ ᠠᠯᠠᠵᠦ ᠤᠰᠠᠳᠬᠠᠬᠤ ᠬᠡᠮᠵᠢᠶ᠎ᠡ ᠨᠢ ᠬᠡᠳᠦ᠋ᠢᠪᠡᠷ ᠠᠭᠤᠷ ᠢᠶᠠᠷ ᠠᠭᠤᠷᠰᠢᠭᠤᠯᠬᠤ ᠶᠢᠨ ᠬᠢᠷᠢ ᠲᠦᠢᠯᠪᠦᠷᠢᠲᠡᠢ ᠪᠢᠰᠢ ᠪᠤᠯᠪᠠᠴᠦ ᠠᠭᠤᠷ ᠢᠶᠠᠷ ᠪᠠᠺᠲ᠋ᠧᠷᠢ ᠠᠯᠠᠬᠤ ᠦᠶᠡᠰ ᠪᠦᠷᠢᠯᠳᠤᠭ᠍ᠰᠡᠨ ᠠᠮᠢᠲᠦ ᠪᠤᠳᠠᠰ ᠤᠨ ᠤᠬᠠᠭᠠᠨ ᠤ ᠬᠤᠭᠤᠰᠤᠨ ᠲᠦᠯᠦᠪ ᠡᠭᠦᠰᠴᠦ ᠡᠪᠡᠳᠴᠢᠨ ᠡᠭᠦᠰᠭᠡᠭᠴᠢ ᠶᠢᠨ ᠳᠠᠬᠢᠨᠲᠠ ᠰᠠᠮᠠᠭᠤᠷᠠᠬᠤ ᠪᠠᠶᠢᠳᠠᠯ ᠢ ᠪᠤᠢ ᠪᠤᠯᠭᠠᠬᠤ ᠦᠭᠡᠢ᠂ ᠡᠭᠦᠨ ᠤ ᠬᠠᠮᠲᠦ ᠦᠨᠳᠦᠷ ᠬᠠᠯᠠᠭᠤᠨ ᠤ ᠰᠡᠲᠤᠯᠲᠡ ᠠᠴᠠ ᠪᠤᠯᠤᠭᠰᠠᠨ ᠬᠤᠤᠷᠲᠦ ᠪᠤᠳᠠᠰ ᠡᠭᠦᠰᠬᠦ ᠦᠭᠡᠢ᠃ ᠪᠦᠷᠬᠦᠪᠴᠢ ᠪᠦᠷᠬᠦᠨ ᠬᠦᠷᠦᠰᠦ ᠡᠭᠡᠭᠡᠬᠦ ᠨᠢ ᠵᠤᠨ ᠤ ᠤᠯᠠᠷᠢᠯ ᠤᠨ ᠦᠨᠳᠦᠷ ᠬᠠᠯᠠᠭᠤᠨ ᠤ ᠬᠤᠭᠤᠴᠠᠭᠠᠨ ᠳᠤ ᠴᠢᠬᠢᠭᠲᠡᠢ ᠭᠦᠷᠦᠰᠦ ᠶᠢ ᠤᠷᠪᠠᠭᠤᠯᠤᠨ ᠰᠤᠯᠠᠷᠠᠭᠤᠯᠵᠤ᠂ ᠰᠦᠯᠢᠶᠤᠤ ᠨᠢᠮᠭᠡᠨ ᠪᠦᠷᠬᠦᠬᠦᠯ ︵ᠵᠤᠵᠠᠭᠠᠨ ᠨᠢ ᠶᠡᠷᠦ ᠳᠡᠭᠡᠨ 30 ~ 35μm︶ ᠪᠦᠷᠬᠦᠵᠦ᠂ ᠦᠷᠭᠦᠯᠵᠢᠯᠡᠨ 2 ~ 4 ᠬᠤᠨᠤᠭ ᠴᠢᠨᠠᠭᠰᠢᠯᠠᠨ ᠨᠡᠩ ᠤᠷᠲᠦ ᠬᠤᠭᠤᠴᠠᠭ᠎ᠠ ᠡᠭᠡᠭᠡᠨ᠎ᠡ᠃ ᠡᠨᠡ ᠬᠦ ᠬᠤᠭᠤᠴᠠᠭᠠᠨ ᠳᠤ 5 cm ᠭᠦᠨ ᠬᠦᠷᠦᠰᠦᠨ ᠳᠠᠪᠬᠤᠷᠭ᠎ᠠ ᠶᠢᠨ ᠳᠤᠯᠠᠭᠠᠨ ᠨᠢ 45 ~ 55℃ ᠬᠦᠷᠴᠦ᠂ 20cm ᠬᠦᠷᠦᠰᠦᠨ ᠳᠠᠪᠬᠤᠷᠭ᠎ᠠ ᠶᠢᠨ ᠳᠤᠯᠠᠭᠠᠨ ᠨᠢ 39 ~ 45℃ ᠬᠦᠷᠴᠦ᠂ ᠵᠠᠷᠢᠮ ᠭᠠᠵᠠᠷ ᠲᠤ 5cm ᠬᠦᠷᠦᠰᠦᠨ ᠳᠠᠪᠬᠤᠷᠭ᠎ᠠ ᠶᠢᠨ ᠳᠤᠯᠠᠭᠠᠨ ᠢ 60℃᠎ ᠲᠤ ᠬᠦᠷᠭᠡᠵᠦ᠂ ᠵᠠᠷᠢᠮ ᠡᠪᠡᠳᠴᠢᠨ ᠡᠭᠦᠰᠭᠡᠭᠴᠢ ᠵᠢᠩᠭᠢᠨᠢ ᠮᠦᠭᠦ᠂ ᠵᠤᠵᠠᠭᠠᠨ ᠬᠠᠨᠠᠲᠦ ᠰᠫᠣᠷ ᠪᠠ ᠤᠲᠠᠰᠤᠨ ᠬᠤᠷᠤᠬᠠᠢ ᠶᠢᠨ ᠦᠨᠳᠡᠭᠡ ᠵᠡᠷᠭᠡ ᠨᠢ ᠮᠠᠰᠢ ᠲᠦᠷᠭᠡᠨ ᠢᠶᠠᠷ ᠦᠬᠦᠵᠦ᠂ ᠪᠤᠰᠤᠳ ᠳᠡᠭᠡᠲᠦ ᠵᠡᠷᠭᠡ ᠶᠢᠨ ᠮᠦᠯᠵᠢᠭᠳᠡᠭᠴᠢ ᠤᠷᠭᠤᠮᠠᠯ ᠤᠨ ᠦᠷ᠎ᠡ᠂ ᠡᠯᠳᠡᠪ ᠡᠪᠡᠰᠤᠨ ᠤ ᠦᠷ᠎ᠡ ᠵᠢᠴᠢ ᠬᠤᠷᠤᠬᠠᠢ ᠶᠢᠨ ᠦᠨᠳᠡᠭᠡ ᠶᠢ ᠴᠦ ᠵᠤᠬᠢᠬᠤ ᠬᠡᠮᠵᠢᠶ᠎ᠡ ᠪᠠᠷ ᠬᠢᠵᠠᠭᠠᠷᠯᠠᠵᠤ ᠴᠢᠳᠠᠨ᠎ᠠ᠃      ︵ᠢᠷᠡᠯᠲᠡ᠄ ᠰᠢ ᠶᠢᠩ ᠤᠨ ᠨᠠᠶᠢᠷᠠᠭᠤᠯᠤᠭᠰᠠᠨ ︽ᠤᠷᠭᠤᠮᠠᠯ ᠤᠨ ᠡᠪᠡᠳᠴᠢᠨ ᠬᠤᠷᠤᠬᠠᠢ ᠡᠪᠡᠰᠦᠨ ᠤ ᠬᠦᠨᠦᠭᠡᠯ ᠢ ᠬᠢᠵᠠᠭᠠᠷᠯᠠᠬᠤ ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠢ ᠰᠢᠭᠤᠢ ᠪᠠ ᠨᠤᠳᠤᠭ ᠪᠡᠯᠴᠢᠭᠡᠷ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号