ᠰᠡᠴᠢᠭᠲᠦ ᠪᠢᠯᠵᠤᠤᠬᠠᠶ
ᠨᠡᠶᠢᠲᠡᠯᠡᠭᠰᠡᠨ ᠴᠠᠭ᠄
2022/1/11
    ᠰᠡᠴᠢᠭᠲᠦ ᠪᠢᠯᠵᠤᠤᠬᠠᠶ
      Sultan Tit     Meunoc/si/rowe     ᠬᠡᠯᠪᠡᠷᠢ ᠲᠦᠷᠬᠦ᠄ ᠮᠠᠩᠨᠠᠶ᠂ ᠲᠣᠯᠣᠭᠠᠶ ᠶᠢᠨ ᠣᠷᠣᠶ ᠵᠢᠴᠢ ᠰᠡᠴᠢᠭ ᠨᠢ ᠠᠯᠲᠠᠨ ᠰᠢᠷᠭᠠᠯ ᠥᠩᠭᠡ ᠲᠠᠢ᠂ ᠲᠣᠯᠣᠭᠠᠶ᠂ ᠬᠦᠵᠦᠭᠦᠤ᠂ ᠰᠡᠭᠦᠯ ᠤᠨ ᠬᠡᠰᠡᠭ ᠵᠢᠴᠢ ᠲᠥᠪᠣᠩᠬᠡᠶ᠂ ᠴᠡᠭᠡᠵᠢᠨ ᠬᠡᠰᠡᠭ ᠨᠢ ᠭᠢᠯᠠᠭᠠᠷ ᠬᠠᠷ᠎ᠠ ᠥᠩᠭᠡ ᠲᠠᠢ᠃ ᠪᠡᠶ᠎ᠡ ᠶᠢᠨ ᠲᠤᠤᠷᠠᠳᠤ ᠬᠡᠰᠡᠭ ᠨᠢ ᠰᠢᠷ᠎ᠠ ᠥᠩᠭᠡ ᠲᠠᠢ᠃ ᠡᠮᠡᠭᠴᠢᠨ ᠰᠢᠪᠠᠭᠤᠨ ᠤ ᠰᠢᠷ᠎ᠠ ᠦᠩᠭᠡᠲᠦ ᠬᠡᠰᠡᠭ ᠨᠢ ᠭᠦᠢᠬᠡᠨ ᠰᠢᠷ᠎ᠠ᠂ ᠬᠤᠭᠤᠯᠠᠶ᠂ ᠴᠡᠭᠡᠵᠢ ᠨᠢ ᠬᠠᠷᠠᠪᠲᠤᠷ ᠨᠣᠭᠤᠭᠠᠨ ᠥᠩᠭᠡ ᠲᠠᠢ᠃     ᠠᠮᠢ ᠠᠬᠤᠶ ᠶᠢᠨ ᠬᠡᠪᠰᠢᠯ᠄ ᠭᠤᠣᠯᠳᠠᠭᠤ ᠳᠠᠯᠠᠶ ᠶᠢᠨ ᠲᠦᠪᠰᠢᠨ ᠠᠴᠠ 1000 ᠮᠧᠲᠷ ᠠᠴᠠ  ᠳᠤᠷᠤᠭᠰᠢᠬᠢ ᠮᠥᠩᠬᠡ ᠨᠣᠭᠤᠭᠠᠨ ᠥᠷᠭᠡᠨ ᠨᠠᠪᠴᠢᠲᠤ ᠣᠶ᠂ ᠬᠠᠯᠠᠭᠤᠨ ᠪᠦᠰᠡᠨ ᠤ ᠪᠣᠷᠣᠭᠠᠨᠲᠤ ᠣᠶ᠂ ᠨᠠᠪᠴᠢ ᠵᠤᠯᠭᠠᠷᠠᠬᠤ ᠥᠷᠭᠡᠨ ᠨᠠᠪᠴᠢᠲᠤ ᠣᠶ᠂ ᠬᠤᠯᠤᠰᠤᠨ ᠣᠶ᠂ ᠪᠤᠳᠠ ᠮᠤᠳᠤᠨ ᠤᠢ ᠳᠤ ᠤᠷᠤᠩᠨᠠᠨ ᠠᠮᠢᠳᠤᠷᠠᠳᠠᠭ᠃     ᠭᠠᠵᠠᠷ ᠵᠦᠶ ᠶᠢᠨ ᠲᠠᠷᠬᠠᠯᠲᠠ᠄ ᠨᠡᠶᠢᠲᠡ 4 ᠳᠡᠳ᠋ ᠳᠦᠷᠰᠦ ᠪᠠᠶᠢᠵᠤ᠂ ᠾᠢᠮᠠᠯᠠᠶ᠎ᠠ ᠠᠭᠤᠯᠠ ᠶᠢᠨ ᠠᠭᠤᠯᠠᠷᠬᠠᠭ ᠤᠷᠤᠨ ᠤ ᠵᠡᠭᠦᠨ ᠲᠠᠯ᠎ᠠ᠂ ᠵᠡᠭᠦᠨ ᠡᠮᠦᠨᠡᠲᠦ ᠠᠽᠢᠶ᠎ᠠ ᠵᠢᠴᠢ ᠮᠠᠯᠸᠢ ᠬᠤᠶᠢᠭ ᠲᠤ ᠲᠠᠷᠬᠠᠵᠤ ᠪᠠᠶᠢᠨ᠎ᠠ᠃ ᠤᠯᠤᠰ ᠤᠨ ᠳᠣᠲᠣᠭᠠᠳᠤ ᠳᠤ 3 ᠳᠡᠳ᠋ ᠳᠦᠷᠰᠦ ᠪᠤᠶ᠃ ᠡᠭᠦᠨ ᠳᠤ ᠳᠡᠳ᠋ ᠳᠦᠷᠰᠦ sultanea ᠭᠡᠳᠡᠭ ᠨᠢ ᠶᠦᠨᠨᠠᠨ ᠤ ᠡᠮᠦᠨᠡᠲᠦ ᠬᠡᠰᠡᠭ ᠲᠤ ᠤᠷᠤᠩᠨᠠᠵᠤ᠂ ᠰᠢᠷ᠎ᠠ ᠦᠩᠭᠡᠲᠦ ᠰᠡᠴᠢᠭ ᠲᠠᠢ᠂ ᠦᠳᠦᠨ ᠡᠰᠢ ᠨᠢ ᠬᠠᠷ᠎ᠠ ᠦᠩᠭᠡᠳᠡᠢ᠃ ᠡᠮᠦᠨᠡᠲᠦ ᠣᠷᠣᠨ ᠤ ᠳᠡᠳ᠋ ᠳᠦᠷᠰᠦ seorso᠎ ᠨᠢ ᠹᠦᠵᠢᠶᠠᠨ᠂ ᠭᠤᠸᠠᠩᠰᠢ ᠶᠢᠨ ᠪᠠᠷᠠᠭᠤᠨ ᠡᠮᠦᠨᠡᠲᠦ ᠬᠡᠰᠡᠭ ᠲᠤ ᠤᠷᠤᠩᠨᠠᠨ᠎ᠠ᠃ ᠰᠢᠷ᠎ᠠ ᠦᠩᠭᠡᠲᠦ ᠰᠡᠴᠢᠭ ᠲᠠᠢ᠂ ᠬᠠᠷᠠᠪᠲᠤᠷ ᠥᠩᠭᠡ ᠶᠢᠨ ᠥᠲᠥᠨ ᠡᠰᠢ ᠲᠠᠢ᠃ ᠬᠠᠶᠢᠨᠠᠨ ᠤ ᠲᠡᠳ᠋ ᠳᠦᠷᠰᠦ ᠨᠢ ᠬᠠᠶᠢᠨᠠᠨ ᠳᠤ ᠲᠠᠷᠬᠠᠵᠤ ᠪᠠᠶᠢᠨ᠎ᠠ᠃ ᠪᠡᠶ᠎ᠡ ᠶᠢᠨ ᠬᠡᠯᠪᠡᠷᠢ ᠨᠢ ᠨᠡᠯᠢᠶᠡᠳ ᠵᠢᠵᠢᠭ᠂ ᠰᠢᠷ᠎ᠠ ᠦᠩᠭᠡᠲᠦ ᠰᠡᠴᠢᠭ ᠲᠠᠢ᠂ ᠬᠠᠷ᠎ᠠ ᠥᠩᠭᠡ ᠶᠢᠨ ᠥᠳᠥᠨ ᠡᠰᠢ ᠲᠠᠢ᠃    
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠢ ᠰᠢᠭᠤᠢ ᠪᠠ ᠨᠤᠳᠤᠭ ᠪᠡᠯᠴᠢᠭᠡᠷ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号