ᠴᠠᠭᠠᠨ ᠲᠣᠭᠤᠷᠤᠤ
ᠨᠡᠶᠢᠲᠡᠯᠡᠭᠰᠡᠨ ᠴᠠᠭ᠄
2022/1/6
     ᠰᠢᠪᠠᠭᠤᠨ ᠤ ᠲᠦᠷᠦᠯ ᠵᠦᠢᠯ᠄ ᠲᠣᠭᠤᠷᠤᠤ ᠶᠢᠨ ᠢᠵᠠᠭᠤᠷ      ᠬᠠᠮᠠᠭᠠᠯᠠᠯᠳᠠ ᠶᠢᠨ ᠳᠡᠰ᠄ ᠤᠯᠤᠰ ᠤᠨ ᠨᠢᠭᠡᠳᠦᠭᠡᠷ ᠲᠡᠰ ᠤᠨ ᠬᠠᠮᠠᠭᠠᠯᠠᠯᠳᠠ ᠶᠢᠨ ᠰᠢᠪᠠᠭᠤ      ᠪᠡᠶ᠎ᠡ ᠶᠢᠨ ᠤᠷᠳᠤ᠄ 130~140cm      ᠬᠡᠯᠪᠡᠷᠢ ᠳᠦᠷᠬᠦ᠄ ᠵᠤᠭᠰᠤᠭ᠎ᠠ ᠪᠠᠶᠢᠳᠠᠯ ᠳᠤ ᠥᠪᠴᠢ ᠪᠡᠶ᠎ᠡ ᠨᠢ ᠴᠠᠭᠠᠨ᠂ ᠲᠣᠯᠣᠭᠠᠶ ᠶᠢᠨ ᠣᠷᠣᠶ ᠨᠢ ᠤᠯᠠᠭᠠᠨ᠂ ᠳᠠᠯᠠᠪᠴᠢᠨ ᠤ ᠦᠵᠦᠬᠦᠷ ᠨᠢ ᠬᠠᠷ᠎ᠠ᠃ ᠬᠤᠩᠰᠢᠶᠠᠷ ᠨᠢ ᠵᠦᠷᠵᠢ ᠰᠢᠭ ᠰᠢᠷᠠᠪᠳᠤᠷ ᠥᠩᠭᠡᠲᠡᠶ᠂ ᠬᠦᠯ ᠨᠢ ᠶᠠᠭᠠᠨ ᠥᠩᠭᠡᠲᠡᠶ᠃      ᠠᠮᠢ ᠠᠬᠤᠶ ᠶᠢᠨ ᠬᠡᠪᠰᠢᠯ᠄ ᠥᠷᠭᠡᠨ ᠠᠭᠤᠳᠠᠮ ᠨᠠᠮᠤᠭᠲᠤ ᠭᠠᠵᠠᠷ᠂ ᠬᠥᠪᠳᠥ ᠬᠡᠭᠡᠷ᠎ᠡ ᠶᠢᠨ ᠨᠠᠮᠤᠭ ᠭᠠᠵᠠᠷ ᠪᠠ ᠶᠡᠭᠡ ᠲᠠᠯᠠᠪᠠᠢ ᠪᠦᠬᠦᠢ ᠨᠠᠭᠤᠷ ᠴᠥᠭᠦᠷᠥᠮ ᠵᠢᠴᠢ ᠭᠦᠢᠬᠡᠨ ᠤᠰᠤᠨ ᠤ ᠨᠠᠮᠤᠭ ᠭᠠᠵᠠᠷ ᠲᠤ ᠨᠤᠲᠤᠭᠰᠢᠨ᠎ᠠ᠃ ᠨᠡᠭᠦᠳᠡᠯᠯᠡᠬᠦ ᠤᠯᠠᠷᠢᠯ ᠳᠤ ᠰᠦᠷᠦᠭᠯᠡᠨ ᠨᠡᠭᠦᠳᠡᠯᠯᠡᠳᠡᠭ᠃ ᠡᠪᠦᠯ ᠤᠨ ᠤᠯᠠᠷᠢᠯ ᠳᠤ ᠦᠷᠭᠦᠯᠵᠢ ᠰᠦᠷᠦᠭᠯᠡᠨ ᠤᠷᠤᠩᠨᠠᠳᠠᠭ᠃ ᠠᠪᠬᠠᠯᠵᠢᠳᠠᠢ ᠮᠦᠷᠳᠡᠭᠡᠨ ᠠᠶᠤᠮᠠᠲᠠᠭᠠᠶ ᠪᠠᠶᠢᠳᠠᠭ᠃      ᠭᠠᠵᠠᠷ ᠵᠦᠶ ᠶᠢᠨ ᠲᠠᠷᠬᠠᠯᠲᠠ᠄ ᠣᠷᠣᠰ ᠤᠨ ᠵᠡᠭᠦᠨ ᠡᠮᠦᠨᠡᠲᠦ ᠬᠡᠰᠡᠭ ᠪᠠ ᠰᠢᠪᠧᠷᠢᠶ᠎ᠠ ᠳᠤ  ᠤᠷᠤᠩᠨᠠᠨ ᠦᠷᠡᠵᠢᠵᠦ᠂ ᠢᠷᠡᠨ᠂ ᠡᠨᠡᠳᠬᠡᠭ ᠤᠨ ᠪᠠᠷᠠᠭᠤᠨ ᠬᠤᠶᠢᠲᠤ ᠬᠡᠰᠡᠭ ᠢᠶᠠᠷ ᠡᠪᠦᠯᠵᠢᠳᠡᠭ᠃   ᠨᠡᠭᠦᠳᠡᠯᠯᠡᠬᠦ ᠳᠤ ᠪᠠᠨ ᠳᠤᠮᠳᠠᠳᠤ ᠤᠯᠤᠰ ᠤᠨ ᠫᠦᠸᠧ ᠶᠠᠩ ᠬᠤ᠋ ᠨᠠᠭᠤᠷ᠂ ᠳ᠋ᠦᠩ ᠲᠢᠩ ᠬᠤ᠋ ᠨᠠᠭᠤᠷ ᠵᠡᠷᠭᠡ ᠬᠥᠬᠡ ᠮᠥᠷᠡᠨ ᠤ ᠳᠤᠮᠳᠠᠳᠤ ᠳᠣᠣᠷᠠᠳᠤ ᠤᠷᠤᠰᠬᠠᠯ ᠤᠨ ᠣᠷᠣᠨ᠂ ᠵᠡᠭᠦᠨ ᠬᠤᠶᠢᠲᠤ ᠣᠷᠣᠨ ᠵᠢᠴᠢ ᠡᠾᠧᠪᠸᠢ᠂ ᠾᠧᠨᠠᠨ᠂ ᠱᠠᠨᠳᠦ᠋ᠩ᠂ ᠥᠪᠥᠷ ᠮᠣᠩᠭᠤᠯ᠂ ᠰᠢᠨᠵᠢᠶᠠᠩ ᠵᠡᠷᠭᠡ ᠭᠠᠵᠠᠷ ᠢᠶᠠᠷ ᠥᠩᠭᠡᠷᠡᠳᠡᠭ᠃  
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠢ ᠰᠢᠭᠤᠢ ᠪᠠ ᠨᠤᠳᠤᠭ ᠪᠡᠯᠴᠢᠭᠡᠷ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号