ᠢᠮᠠᠭ᠎ᠠ ᠶᠢ ᠬᠦᠢᠰᠦ ᠴᠢᠨᠠᠷ ᠢᠶᠠᠷ ᠨᠢ ᠢᠯᠭᠠᠨ ᠨᠡᠷᠡᠯᠡᠬᠦ
ᠨᠡᠶᠢᠲᠡᠯᠡᠭᠰᠡᠨ ᠴᠠᠭ᠄
2022/11/30
     ᠤᠬᠤᠨ᠎ᠠ ︵ᠲᠡᠭᠡ︶ — ᠦᠷ᠎ᠡ ᠶᠢᠨ ᠢᠮᠠᠭ᠎ᠠ᠂ ᠤᠬᠤᠨ᠎ᠠ ᠶᠢ ᠭᠥᠭ ᠤᠨ ᠳᠥᠴᠢᠨ ᠲᠠᠪᠤᠨ ᠬᠤᠨᠤᠭ ᠤᠨ ᠳᠠᠷᠠᠭ᠎ᠠ ᠢᠰᠢᠭᠡ ᠴᠠᠭᠠᠯᠠᠬᠤ ᠦᠶ᠎ᠡ ᠳᠤ ᠰᠣᠩᠭᠤᠵᠣ ᠲᠠᠯᠪᠢᠨ᠎ᠠ᠃ ᠤᠬᠤᠨ᠎ᠠ ᠶᠢ ᠪᠠᠰᠠ ᠢᠰᠢᠭᠡᠨ ᠤᠬᠤᠨ᠎ᠠ᠂ ᠰᠢᠳᠤᠯᠡᠩ ᠤᠬᠤᠨ᠎ᠠ᠂ ᠬᠢᠵᠠᠭᠠᠯᠠᠩ ᠤᠬᠤᠨ᠎ᠠ᠂ ᠰᠤᠶᠤᠭᠠᠯᠠᠩ ᠤᠬᠤᠨ᠎ᠠ᠂ ᠪᠦᠳᠦᠭᠦᠨ ᠤᠬᠤᠨ᠎ᠠ ᠭᠡᠵᠦ ᠢᠯᠭᠠᠨ᠎ᠠ᠃      ᠢᠰᠢᠭᠡᠨ ᠤᠬᠤᠨ᠎ᠠ — ᠨᠢᠭᠡ ᠨᠠᠰᠤᠲᠠᠢ ᠵᠠᠰᠠᠭᠰᠠᠨ ᠦᠬᠡᠢ ᠡᠷ᠎ᠡ ᠢᠮᠠᠭ᠎ᠠ᠃      ᠰᠢᠳᠦᠯᠡᠩ ᠤᠬᠤᠨ᠎ᠠ — ᠬᠤᠶᠠᠷ ᠨᠠᠰᠤᠲᠠᠢ ᠵᠠᠰᠠᠭᠰᠠᠨ ᠦᠬᠡᠢ ᠡᠷ᠎ᠡ ᠢᠮᠠᠭ᠎ᠠ᠃      ᠬᠢᠵᠠᠭᠠᠯᠠᠩ ᠤᠬᠤᠨ᠎ᠠ — ᠭᠤᠷᠪᠠᠨ ᠨᠠᠰᠤᠲᠠᠢ ᠵᠠᠰᠠᠭᠰᠠᠨ ᠦᠬᠡᠢ ᠡᠷ᠎ᠡ ᠢᠮᠠᠭ᠎ᠠ᠃      ᠰᠤᠶᠤᠭᠠᠯᠠᠩ ᠤᠬᠤᠨ᠎ᠠ — ᠳᠦᠷᠪᠡᠨ ᠨᠠᠰᠤᠲᠠᠢ ᠵᠠᠰᠠᠭᠰᠠᠨ ᠦᠬᠡᠢ ᠡᠷ᠎ᠡ ᠢᠮᠠᠭ᠎ᠠ᠃      ᠪᠦᠳᠦᠭᠦᠨ ᠬᠤᠴᠠ — ᠨᠠᠰᠤ ᠭᠦᠢᠴᠡᠭᠰᠡᠨ ᠪᠦᠳᠦᠭᠦᠨ ᠡᠷ᠎ᠡ ᠬᠦᠢᠰᠦᠲᠦ ᠢᠮᠠᠭ᠎ᠠ᠃      ᠡᠮ᠎ᠡ ᠢᠮᠠᠭ᠎ᠠ — ᠡᠬᠡ ᠢᠮᠠᠭ᠎ᠠ᠂ ᠡᠮ᠎ᠡ ᠢᠮᠠᠭ᠎ᠠ ᠶᠡᠷᠦᠩᠬᠡᠢ ᠳᠡᠭᠡᠨ ᠬᠤᠶᠠᠷ ᠨᠠᠰᠤᠨ ᠳᠠᠭᠠᠨ ᠬᠡᠬᠡᠯᠳᠦᠵᠦ᠂ ᠰᠢᠳᠦᠯᠡᠩ ᠦᠶ᠎ᠡ ᠳᠡᠭᠡᠨ ᠪᠤᠶᠤ ᠬᠢᠵᠠᠭᠠᠯᠠᠩ ᠦᠶ᠎ᠡ  ᠳᠡᠭᠡᠨ ᠢᠰᠢᠭᠡᠯᠡᠨ᠎ᠡ᠃      ᠰᠢᠳᠦᠯᠡᠩ ᠡᠮ᠎ᠡ ᠢᠮᠠᠭ᠎ᠠ — ᠬᠤᠶᠠᠷ ᠨᠠᠰᠤᠲᠠᠢ ᠡᠮ᠎ᠡ ᠢᠮᠠᠭ᠎ᠠ᠃      ᠬᠢᠵᠠᠭᠠᠯᠠᠩ ᠡᠮ᠎ᠡ ᠢᠮᠠᠭ᠎ᠠ — ᠭᠤᠷᠪᠠᠨ ᠨᠠᠰᠤᠲᠠᠢ ᠡᠮ᠎ᠡ ᠢᠮᠠᠭ᠎ᠠ᠃      ᠰᠤᠶᠤᠭᠠᠯᠠᠩ ᠡᠮ᠎ᠡ ᠢᠮᠠᠭ᠎ᠠ — ᠳᠦᠷᠪᠡᠨ ᠨᠠᠰᠤᠲᠠᠢ ᠡᠮ᠎ᠡ ᠢᠮᠠᠭ᠎ᠠ᠃      ᠪᠦᠳᠦᠭᠦᠨ ᠡᠮ᠎ᠡ ᠢᠮᠠᠭ᠎ᠠ — ᠨᠠᠰᠤ ᠭᠦᠢᠴᠡᠭᠰᠡᠨ ᠡᠮ᠎ᠡ ᠢᠮᠠᠭ᠎ᠠ᠃      ᠰᠤᠪᠠᠢ ᠢᠮᠠᠭ᠎ᠠ — ᠬᠡᠭᠡᠯ ᠠᠪᠤᠭᠰᠠᠨ ᠦᠭᠡᠢ ᠢᠮᠠᠭ᠎ᠠ᠃      ᠰᠠᠭᠠᠷᠮᠠᠭ ᠢᠮᠠᠭ᠎ᠠ — ᠪᠡᠯᠭᠡ ᠢᠯᠭᠠᠷᠠᠭᠰᠠᠨ ᠦᠬᠡᠢ ᠢᠮᠠᠭ᠎ᠠ᠃      ᠬᠡᠭᠡᠯᠳᠦ ᠢᠮᠠᠭ᠎ᠠ — ᠬᠡᠭᠡᠯ ᠰᠠᠭᠤᠭᠰᠠᠨ ᠢᠮᠠᠭ᠎ᠠ᠃      ᠢᠰᠢᠭᠡ ᠲᠠᠢ ᠢᠮᠠᠭ᠎ᠠ — ᠢᠰᠢᠭᠡᠯᠡᠭᠡᠳ ᠪᠠᠶᠢᠭ᠎ᠠ ᠢᠮᠠᠭ᠎ᠠ᠃      ᠬᠥᠬᠦᠯᠲᠤ ᠢᠮᠠᠭ᠎ᠠ — ᠢᠰᠢᠭᠡ ᠬᠥᠬᠦᠭᠦᠯᠵᠦ ᠪᠠᠶᠢᠭ᠎ᠠ ᠢᠮᠠᠭ᠎ᠠ᠃      ᠬᠠᠶᠢᠳᠠᠭ ᠢᠮᠠᠭ᠎ᠠ — ᠲᠥᠯ ᠦᠬᠡᠢ ᠪᠣᠯᠪᠠᠴᠤ ᠰᠦ ᠲᠠᠢ ᠢᠮᠠᠭ᠎ᠠ᠃      ᠵᠣᠰᠠᠭ — ᠬᠤᠶᠠᠷ ᠨᠠᠰᠤᠲᠠᠢ ᠡᠮ᠎ᠡ ᠬᠦᠢᠰᠦᠲᠦ ᠢᠮᠠᠭ᠎ᠠ᠃      ᠨᠠᠶᠢᠵᠠᠨ ᠢᠮᠠᠭ᠎ᠠ — ᠡᠮ᠎ᠡ ᠢᠮᠠᠭ᠎ᠠ᠃      ᠰᠡᠷᠬᠡ — ᠵᠠᠰᠠᠴᠢᠬᠠᠭᠰᠠᠨ ᠡᠷ᠎ᠡ ᠢᠮᠠᠭ᠎ᠠ᠃      ᠰᠣᠩᠭᠠᠭᠠᠯ ᠢᠮᠠᠭ᠎ᠠ — ᠲᠠᠪᠤᠨ ᠨᠠᠰᠤᠲᠠᠢ ᠡᠷ᠎ᠡ ᠢᠮᠠᠭ᠎ᠠ᠃      ᠰᠢᠳᠦᠯᠡᠩ ᠡᠷ᠎ᠡ ᠢᠮᠠᠭ᠎ᠠ — ᠬᠤᠶᠠᠷ ᠨᠠᠰᠤᠲᠠᠢ ᠵᠠᠰᠠᠭᠰᠠᠨ ᠡᠷ᠎ᠡ ᠢᠮᠠᠭ᠎ᠠ᠃      ᠬᠢᠵᠠᠭᠠᠯᠠᠩ ᠡᠷ᠎ᠡ ᠢᠮᠠᠭ᠎ᠠ — ᠭᠤᠷᠪᠠᠨ ᠨᠠᠰᠤᠲᠠᠢ ᠵᠠᠰᠠᠭᠰᠠᠨ ᠡᠷ᠎ᠡ ᠢᠮᠠᠭ᠎ᠠ᠃      ᠰᠣᠶᠣᠭᠠᠯᠠᠩ ᠡᠷ᠎ᠡ ᠢᠮᠠᠭ᠎ᠠ — ᠳᠦᠷᠪᠡᠨ ᠨᠠᠰᠤᠲᠠᠢ ᠵᠠᠰᠠᠭᠰᠠᠨ ᠡᠷ᠎ᠡ ᠢᠮᠠᠭ᠎ᠠ᠃      ᠪᠦᠳᠦᠭᠦᠨ ᠡᠷ᠎ᠡ ᠢᠮᠠᠭ᠎ᠠ — ᠪᠦᠳᠦᠭᠦᠨ ᠰᠡᠷᠬᠡ᠃      ᠰᠢᠳᠦᠯᠡᠩ ᠰᠡᠷᠬᠡ — ᠬᠤᠶᠠᠷ ᠨᠠᠰᠤᠲᠠᠢ ᠵᠠᠰᠠᠭᠰᠠᠨ ᠡᠷ᠎ᠡ ᠢᠮᠠᠭ᠎ᠠ᠃      ᠰᠢᠳᠦᠯᠡᠩ ᠵᠤᠰᠠᠭ — ᠬᠤᠶᠠᠷ ᠨᠠᠰᠤᠲᠠᠢ ᠡᠮ᠎ᠡ ᠢᠮᠠᠭ᠎ᠠ᠃      ᠬᠢᠵᠠᠭᠠᠯᠠᠩ ᠰᠡᠷᠬᠡ — ᠭᠤᠷᠪᠠᠨ ᠨᠠᠰᠤᠲᠠᠢ ᠵᠠᠰᠠᠭᠰᠠᠨ ᠡᠷ᠎ᠡ ᠢᠮᠠᠭ᠎ᠠ᠃      ᠬᠢᠵᠠᠭᠠᠯᠠᠩ ᠵᠤᠰᠠᠭ — ᠭᠤᠷᠪᠠᠨ ᠨᠠᠰᠤᠲᠠᠢ ᠡᠮ᠎ᠡ ᠢᠮᠠᠭ᠎ᠠ᠃      ᠰᠣᠶᠣᠭᠠᠯᠠᠩ ᠰᠡᠷᠬᠡ — ᠳᠦᠷᠪᠡᠨ ᠨᠠᠰᠤᠲᠠᠢ ᠵᠠᠰᠠᠭᠰᠠᠨ ᠡᠷ᠎ᠡ ᠢᠮᠠᠭ᠎ᠠ᠃      ᠪᠦᠳᠦᠭᠦᠨ ᠰᠡᠷᠬᠡ — ᠨᠠᠰᠤ ᠭᠦᠢᠴᠡᠭᠡᠭᠰᠡᠨ ᠰᠡᠷᠬᠡ᠃      ᠣᠩᠭᠤᠨ ᠰᠡᠷᠬᠡ ︵ᠰᠡᠲᠡᠷ ᠰᠡᠷᠬᠡ︶ — ᠤᠩᠭᠤᠯᠠᠵᠤ ᠰᠡᠲᠡᠷᠯᠡᠭᠰᠡᠨ ᠰᠡᠷᠬᠡ᠃      ᠡᠷ᠎ᠡ ᠢᠰᠢᠭᠡ — ᠨᠢᠭᠡ ᠨᠠᠰᠤᠲᠠᠢ ᠡᠷ᠎ᠡ ᠬᠦᠢᠰᠦᠲᠦ ᠢᠮᠠᠭ᠎ᠠ᠃      ᠦᠬᠢᠨ ᠢᠰᠢᠭᠡ — ᠨᠢᠭᠡ ᠨᠠᠰᠤᠲᠠᠢ ᠡᠮ᠎ᠡ ᠬᠦᠢᠰᠦᠲᠦ ᠢᠮᠠᠭ᠎ᠠ᠃      ᠡᠷ᠎ᠡ ᠥᠨᠦᠬᠦ — ᠡᠷ᠎ᠡ ᠢᠰᠢᠭᠡ᠃      ᠦᠬᠢᠨ ᠥᠨᠦᠬᠦ — ᠦᠬᠢᠨ ᠢᠰᠢᠭᠡ᠃      ᠡᠷ᠎ᠡ ᠰᠢᠳᠦᠯᠡᠬᠦ — ᠰᠢᠳᠦᠯᠡᠩ ᠡᠷ᠎ᠡ ᠢᠮᠠᠭ᠎ᠠ᠃      ᠦᠬᠢᠨ ᠰᠢᠳᠦᠯᠡᠬᠦ — ᠰᠢᠳᠦᠯᠡᠩ ᠡᠮ᠎ᠡ ᠢᠮᠠᠭ᠎ᠠ᠃      ᠡᠷ᠎ᠡ ᠢᠮᠠᠭ᠎ᠠ — ᠴᠠᠭᠠᠯᠠᠭᠰᠠᠨ ᠡᠷ᠎ᠡ ᠬᠦᠢᠰᠦᠲᠦ ᠢᠮᠠᠭ᠎ᠠ᠃      ᠱᠣᠸᠠᠩᠰᠢ ᠶᠢᠨ ᠪᠤᠶᠠᠨᠲᠤᠭᠲᠠᠬᠤ ᠶᠢᠨ ︽ᠲᠠᠪᠤᠨ ᠬᠤᠰᠢᠭᠤ ᠮᠠᠯ ᠤᠨ ᠨᠡᠷᠡᠶᠢᠳᠦᠯ︾᠂ ︵ᠥᠪᠦᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ᠂ 1988 ᠣᠨ︶ ᠨᠣᠮ ᠠᠴᠠ ᠪᠠᠭᠤᠯᠭᠠᠪᠠ᠃    
 
ᠢᠷᠡᠯᠲᠡ᠄ ︽ᠲᠠᠪᠤᠨ ᠬᠤᠰᠢᠭᠤ ᠮᠠᠯ ᠤᠨ ᠨᠡᠷᠡᠶᠢᠳᠦᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号