ᠬᠠᠮᠢᠶ᠎ᠠ ᠪᠦᠬᠦᠢ ᠡᠭᠦᠯᠳᠡᠷ ᠣᠷᠣᠭᠤᠯᠤᠭᠴᠢᠳ ᠲᠤ᠄ | ᠮᠠᠨ ᠤ ᠣᠷᠣᠨ ᠵᠢᠴᠢ ᠬᠤᠯᠪᠣᠭᠳᠠᠯ ᠪᠦᠬᠦᠢ ᠮᠤᠵᠢ ᠣᠷᠣᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ | ᠪᠠᠶᠢᠳᠠᠯ ᠢ ᠦᠨᠳᠦᠰᠦᠯᠡᠨ᠂ ᠡᠭᠦᠯᠳᠡᠷ ᠣᠷᠣᠭᠤᠯᠤᠯᠲᠠ ᠶᠢᠨ ᠳᠠᠩᠰᠠᠯᠠᠬᠤ ᠠᠵᠢᠯ ᠤᠨ ᠤᠷᠤᠭᠰᠢᠲᠠᠢ ᠶᠠᠪᠤᠭᠳᠠᠬᠤ ᠶᠢ | ᠦᠨᠡᠨ ᠬᠦ ᠪᠠᠲᠤᠯᠠᠬᠤ ᠶᠢᠨ ᠲᠤᠰᠠᠳᠠ᠂ ᠡᠳᠦᠭᠡ 2022 ᠣᠨ ᠤ ᠭᠤᠣᠯ ᠪᠣᠯᠬᠤ ᠲᠠᠷᠢᠮᠠᠯ ᠤᠨ ᠠᠳᠠᠯᠢ ᠨᠢᠭᠡᠨ | ᠲᠣᠬᠢᠷᠠᠮᠵᠢᠲᠠᠢ ᠠᠮᠢ ᠠᠬᠤᠢ ᠶᠢᠨ ᠣᠷᠣᠨ ᠤ ᠡᠭᠦᠯᠳᠡᠷ ᠣᠷᠣᠭᠤᠯᠤᠯᠲᠠ ᠶᠢᠨ ᠳᠠᠩᠰᠠᠯᠠᠬᠤ ᠶᠠᠪᠤᠳᠠᠯ ᠢ ᠳᠣᠣᠷᠠᠬᠢ | ᠮᠡᠲᠦ ᠮᠡᠳᠡᠭᠳᠡᠪᠡ᠄ | ᠨᠢᠭᠡ᠂ ᠬᠦᠯᠢᠶᠡᠨ ᠠᠪᠴᠤ ᠰᠢᠢᠳᠪᠦᠷᠢᠯᠡᠬᠦ ᠴᠠᠭ | 2022 ᠣᠨ ᠤ 12 ᠰᠠᠷ᠎ᠠ ᠶᠢᠨ 1 ᠤ ᠡᠳᠦᠷ ᠠᠴᠠ 2022 ᠣᠨ ᠤ 12 ᠰᠠᠷ᠎ᠠ ᠶᠢᠨ 31 ᠤ ᠡᠳᠦᠷ | ᠪᠣᠯᠲᠠᠯ᠎ᠠ᠃ | ᠬᠤᠶᠠᠷ᠂ ᠭᠤᠶᠤᠴᠢᠯᠠᠬᠤ ᠮᠠᠲ᠋ᠧᠷᠢᠶᠠᠯ ᠢ ᠲᠤᠰᠢᠶᠠᠬᠤ | ︵ᠨᠢᠭᠡ︶ ᠡᠯᠧᠺᠲᠷᠣᠨ ᠬᠡᠪᠯᠡᠯ ᠤᠨ ᠮᠠᠲ᠋ᠧᠷᠢᠶᠠᠯ ᠲᠤᠰᠢᠶᠠᠬᠤ᠃ ᠥᠪᠥᠷ ᠮᠣᠩᠭᠤᠯ ᠤᠨ ᠵᠠᠰᠠᠭ ᠤᠨ | ᠶᠠᠪᠤᠳᠠᠯ ᠤᠨ ᠦᠢᠯᠡᠴᠢᠯᠡᠭᠡᠨ ᠤ ᠰᠦᠯᠵᠢᠶᠡᠨ ︵https://zwfw.nmg.gov.cn/︶ ᠳᠤ ᠭᠠᠷᠴᠤ᠂ | ᠡᠭᠦᠯᠳᠡᠷ ᠣᠷᠣᠭᠤᠯᠤᠯᠲᠠ ᠶᠢᠨ ᠳᠠᠩᠰᠠᠯᠠᠬᠤ ᠦᠢᠯᠡᠴᠢᠯᠡᠭᠡᠨ ᠤ ᠵᠦᠢᠯᠡᠰ ᠢ ᠬᠠᠶᠢᠵᠤ᠂ ᠠᠵᠢᠯ ᠶᠠᠪᠤᠳᠠᠯ ᠭᠦᠢᠴᠡᠳᠬᠡᠬᠦ | ᠵᠦᠭᠯᠡᠭᠦᠷ ᠢ ᠤᠩᠰᠢᠨ᠂ ᠰᠦᠯᠵᠢᠶᠡᠨ ᠳᠡᠭᠡᠷ᠎ᠡ ᠭᠦᠢᠴᠡᠳᠬᠡᠬᠦ ᠳᠤ ᠣᠷᠣᠵᠤ᠂ ᠱᠠᠭᠠᠷᠳᠠᠯᠭ᠎ᠠ ᠶᠣᠰᠣᠭᠠᠷ ᠠᠯᠪᠠᠨ | ᠲᠠᠮᠠᠭ᠎ᠠ ᠳᠠᠷᠤᠭᠰᠠᠨ ᠡᠯᠧᠺᠲᠷᠣᠨ ᠬᠡᠪᠯᠡᠯ ᠤᠨ ᠮᠠᠲ᠋ᠧᠷᠢᠶᠠᠯ ᠢᠶᠠᠨ ᠲᠤᠰᠢᠶᠠᠨ᠎ᠠ᠃ ︵ᠬᠤᠶᠠᠷ︶ ᠴᠠᠭᠠᠰᠤᠨ | ᠬᠡᠪᠯᠡᠯ ᠤᠨ ᠮᠠᠲ᠋ᠧᠷᠢᠶᠠᠯ ᠲᠤᠰᠢᠶᠠᠬᠤ᠃ ᠱᠠᠭᠠᠷᠳᠠᠯᠭ᠎ᠠ ᠶᠣᠰᠣᠭᠠᠷ ᠴᠠᠭᠠᠰᠤᠨ ᠬᠡᠪᠯᠡᠯ ᠤᠨ ᠮᠠᠲ᠋ᠧᠷᠢᠶᠠᠯ ︵ᠳᠡᠪᠲᠡᠷᠯᠡᠬᠦ | ᠬᠡᠷᠡᠭᠲᠡᠢ︶ ᠢᠶᠠᠨ ᠨᠢᠭᠡ ᠬᠡᠯᠪᠡᠷᠢ ᠶᠢᠨ 2 ᠬᠤᠪᠢ ᠶᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ | ᠬᠥᠬᠡᠬᠤᠲᠠ ᠶᠢᠨ ᠰᠢᠨ᠎ᠡ ᠬᠤᠲᠠ ᠲᠣᠭᠤᠷᠢᠭ ᠤᠨ ᠬᠥᠯᠥᠨ ᠬᠤᠶᠢᠲᠤ ᠵᠠᠮ ᠤᠨ 13 ᠳ᠋ᠤᠭᠠᠷ ᠨᠣᠮᠧᠷ ︵ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠷᠢᠮᠠᠯ ᠤᠨ ᠦᠷ᠎ᠡ ᠰᠢᠯᠭᠠᠨ ᠪᠠᠶᠢᠴᠠᠭᠠᠬᠤ ᠲᠥᠪ︶ ᠲᠤ ᠢᠯᠡᠭᠡᠨ᠎ᠡ᠂ | ᠰᠢᠤᠳᠠᠨ ᠳ᠋ᠤᠭᠠᠷ᠄ 010010 | ᠭᠤᠷᠪᠠ᠂ ᠪᠤᠰᠤᠳ ᠵᠦᠢᠯᠡᠰ | ︵ᠨᠢᠭᠡ︶ ᠭᠤᠶᠤᠴᠢᠯᠠᠭᠴᠢ ᠠᠴᠠ ᠠᠵᠢᠯ ᠶᠠᠪᠤᠳᠠᠯ ᠭᠦᠢᠴᠡᠳᠬᠡᠬᠦ ᠵᠦᠭᠯᠡᠭᠦᠷ ᠢ ᠡᠷᠬᠡᠪᠰᠢ ᠨᠠᠷᠢᠨ ᠨᠢᠮᠪᠠᠢ | ᠤᠩᠰᠢᠵᠤ᠂ ᠭᠤᠶᠤᠴᠢᠯᠠᠨ ᠮᠡᠳᠡᠭᠦᠯᠬᠦ ᠮᠠᠲ᠋ᠧᠷᠢᠶᠠᠯ ᠤᠨ ᠪᠦᠷᠢᠨ ᠭᠦᠢᠴᠡᠳ᠂ ᠦᠨᠡᠨ ᠪᠣᠳᠠᠲᠠᠢ ᠪᠥᠭᠡᠳ | ᠪᠦᠲᠦᠮᠵᠢᠲᠡᠢ ᠪᠠᠶᠢᠬᠤ ᠶᠢ ᠪᠠᠲᠤᠯᠠᠬᠤ ᠬᠡᠷᠡᠭᠲᠡᠢ᠃ ︵ᠬᠤᠶᠠᠷ︶ ᠬᠢᠵᠢᠭ ᠤᠨ ᠪᠠᠶᠢᠳᠠᠯ ᠤᠨ ᠨᠥᠯᠥᠭᠡ ᠠᠴᠠ ᠪᠣᠯᠵᠤ | ᠴᠠᠭᠠᠰᠤᠨ ᠬᠡᠪᠯᠡᠯ ᠤᠨ ᠭᠤᠶᠤᠴᠢᠯᠠᠬᠤ ᠮᠠᠲ᠋ᠧᠷᠢᠶᠠᠯ ᠢ ᠢᠯᠡᠭᠡᠵᠦ ᠳᠡᠶᠢᠯᠬᠦ ᠦᠭᠡᠢ ᠪᠤᠶᠤ ᠴᠠᠭᠠᠰᠤᠨ ᠬᠡᠪᠯᠡᠯ ᠤᠨ | ᠭᠤᠶᠤᠴᠢᠯᠠᠬᠤ ᠮᠠᠲ᠋ᠧᠷᠢᠶᠠᠯ ᠢ ᠬᠢᠵᠢᠭ ᠤᠨ ᠪᠠᠶᠢᠳᠠᠯ ᠠᠴᠠ ᠪᠣᠯᠵᠤ ᠶᠠᠮᠠᠷ ᠨᠢᠭᠡᠨ ᠭᠠᠵᠠᠷ ᠲᠤ ᠰᠠᠭᠠᠲᠠᠭᠰᠠᠨ ᠪᠠᠶᠢᠪᠠᠯ᠂ | ᠴᠠᠭ ᠲᠤᠬᠠᠢ ᠳᠤ ᠨᠢ ᠮᠠᠨ ᠤ ᠲᠢᠩᠬᠢᠮ ᠤᠨ ᠠᠵᠢᠯᠲᠠᠨ ᠳᠤ ᠮᠡᠳᠡᠭᠳᠡᠭᠡᠷᠡᠢ᠃ ︵ᠭᠤᠷᠪᠠ︶ ᠠᠰᠠᠭᠤᠨ ᠯᠠᠪᠯᠠᠬᠤ | ᠤᠲᠠᠰᠤ᠄ 0471-6285043᠂ 18847188884 | | | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ | ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ ᠤ ᠲᠢᠩᠬᠢᠮ | 2022 ᠣᠨ ᠤ 12 ᠰᠠᠷ᠎ᠠ ᠶᠢᠨ 1 ᠤ ᠡᠳᠦᠷ |