ᠰᠦᠨ ᠴᠡᠴᠡᠭ
ᠨᠡᠶᠢᠲᠡᠯᠡᠭᠰᠡᠨ ᠴᠠᠭ᠄
2022/12/23
    ᠰᠦᠨ ᠴᠡᠴᠡᠭ ᠢ ᠵᠠᠷᠢᠮ ᠨᠤᠲᠤᠭ ᠲᠤ ᠪᠠᠰᠠ ᠵᠦᠭᠡᠭᠡᠢ ᠶᠢᠨ ᠴᠡᠴᠡᠭ ᠪᠤᠶᠤ ᠢᠯᠠᠭᠠᠨ ᠴᠡᠴᠡᠭ ᠭᠡᠵᠦ ᠨᠡᠷᠡᠯᠡᠳᠡᠭ᠃ ᠡᠯᠡᠰᠦ᠂ ᠴᠠᠶᠢᠳᠠᠮ᠂ ᠲᠠᠯ᠎ᠠ ᠭᠠᠵᠠᠷ ᠢᠶᠠᠷ ᠤᠷᠭᠤᠨ᠎ᠠ᠃ ᠡᠰᠢ ᠨᠢ ᠲᠡᠭᠡᠷ᠎ᠡ ᠬᠡᠰᠡᠭ ᠲᠤ ᠪᠠᠨ ᠤᠯᠠᠨ ᠰᠠᠯᠠᠭᠠᠯᠠᠵᠤ ᠰᠠᠷᠪᠠᠶᠢᠭᠠᠳ ᠰᠢᠬᠦᠷ ᠰᠢᠭ᠂ ᠡᠰᠢᠨ ᠤ ᠦᠵᠦᠬᠦᠷ ᠲᠤ ᠨᠢ ᠮᠠᠰᠢ ᠤᠯᠠᠨ ᠴᠤᠮᠬᠠᠨ ᠪᠠᠭ ᠴᠠᠭᠠᠨ ᠪᠤᠶᠤ ᠶᠠᠭᠠᠪᠳᠤᠷ ᠴᠡᠴᠡᠭ ᠪᠠᠭᠰᠢᠷᠠᠨ ᠳᠡᠯᠭᠡᠷᠡᠭᠡᠳ ᠡᠬᠡᠬᠡ ᠯᠡ ᠦᠳᠦᠨ ᠰᠢᠬᠦᠷ ᠰᠢᠭ ᠬᠠᠷᠠᠭᠳᠠᠳᠠᠭ᠃ ᠰᠦ ᠰᠠᠭᠠᠯᠢ ᠬᠢᠳᠡᠭ ᠠᠭᠠᠷᠤ ᠰᠠᠭᠤᠯᠭ᠎ᠠ ᠪᠠᠨ ᠰᠦᠨ ᠴᠡᠴᠡᠭ ᠢᠶᠠᠷ ᠠᠷᠢᠭᠤᠯᠪᠠᠯ ᠰᠦ ᠡᠪᠳᠡᠷᠡᠳᠡᠭ ᠦᠭᠡᠢ ᠮᠦᠷᠳᠡᠭᠡᠨ ᠵᠦᠬᠡᠬᠡᠢ ᠰᠠᠶᠢᠨ ᠰᠠᠭᠤᠳᠠᠭ ᠭᠡᠬᠦ ᠨᠤᠲᠤᠭ ᠤᠨ ᠰᠤᠶᠤᠯ ᠵᠠᠩᠰᠢᠯ ᠪᠠᠶᠢᠳᠠᠭ᠃ ᠰᠠᠭᠠᠯᠢ ᠰᠦ ᠶᠢᠨ ᠬᠠᠵᠠᠭᠤ ᠳᠤ ᠰᠦᠨ ᠴᠡᠴᠡᠭ ᠲᠠᠯᠪᠢᠪᠠᠯ ᠢᠯᠠᠭ᠎ᠠ ᠰᠢᠮᠠᠭᠤᠯ ᠰᠦ ᠰᠠᠭᠠᠯᠢ ᠳᠤ ᠤᠶᠢᠷᠠᠳᠤᠳᠠᠭ ᠦᠭᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号