1. ᠬᠡᠭᠡᠷᠠᠯᠡᠭᠴᠢ ᠮᠠᠰᠢᠨ ᠳᠤ ᠰᠠᠭᠤᠵᠤ ᠡᠯᠡᠰᠤᠨ ᠴᠦᠯ ᠢ ᠳᠤᠭᠤᠯᠬᠤ ᠦᠶᠡᠰ᠂ ᠠᠶᠦᠯ ᠦᠭᠡᠢ ᠪᠦᠰᠠ ᠶᠢ | ᠰᠠᠶᠢᠨ ᠪᠦᠰᠡᠯᠡᠵᠤ᠂ ᠬᠤᠶᠠᠷ ᠭᠠᠷ ᠢᠶᠠᠨ ᠳᠡᠷᠭᠡᠨ ᠳᠤᠳᠤᠷᠠᠬᠢ ᠳᠦᠰᠢᠭᠦᠷ ᠠᠴᠠ ᠴᠢᠩᠭ᠎ᠠ ᠠᠳᠬᠤᠵᠤ᠂ ᠡᠮᠦᠨᠡᠬᠢ | ᠵᠠᠮ ᠢᠶᠠᠨ ᠰᠠᠶᠢᠨ ᠬᠠᠷᠠᠬᠤ ᠪᠦᠭᠡᠳ ᠵᠢᠯᠤᠭᠤᠴᠢ ᠶᠢᠨ ᠠᠮᠤᠷ ᠳᠦᠪᠰᠢᠨ ᠤ ᠰᠠᠨᠠᠭᠤᠯᠭ᠎ᠠ ᠶᠢ ᠰᠠᠶᠢᠨ ᠰᠤᠨᠤᠰᠬᠤ | ᠬᠡᠷᠡᠭᠳᠡᠢ᠃ ᠵᠢᠷᠦᠬᠡᠨ ᠡᠪᠡᠳᠴᠢᠨ ᠪᠤᠶᠤ ᠴᠢᠰᠤᠨ ᠳᠠᠷᠤᠯᠳᠠ ᠦᠨᠳᠦᠷ ᠬᠦᠮᠦᠨ ᠡᠯᠡᠰᠤᠨ ᠴᠦᠯ ᠳᠤ ᠤᠷᠤᠵᠤ | ᠪᠤᠯᠬᠤ ᠦᠭᠡᠢ᠃ | 2. ᠦᠵᠡᠮᠵᠢ ᠶᠢᠨ ᠤᠷᠤᠨ ᠨᠢ ᠡᠯᠡᠰᠦᠨ ᠴᠦᠯ ᠳᠤ ᠪᠠᠶᠢᠬᠤ ᠭᠠᠵᠠᠷ ᠨᠢ ᠡᠬᠡ ᠬᠠᠭᠤᠷᠠᠢ ᠶᠢᠨ ᠭᠠᠩ | ᠬᠠᠭᠤᠷᠠᠢ ᠠᠭᠤᠷ ᠠᠮᠢᠰᠬᠤᠯ ᠳᠤ ᠬᠠᠷᠢᠶᠠᠯᠠᠭᠳᠠᠵᠤ᠂ ᠬᠠᠪᠤᠷ ᠤᠨ ᠤᠯᠠᠷᠢᠯ ᠳᠤ ᠰᠠᠯᠬᠢᠨ ᠠᠷᠪᠢᠨ᠂ ᠵᠤᠨ ᠨᠠᠮᠤᠷ ᠤᠨ | ᠡᠳᠦᠷ ᠲᠤ ᠨᠢ ᠨᠡᠷᠡᠨ ᠤ ᠭᠡᠷᠡᠯ ᠤᠨ ᠳᠤᠰᠤᠯᠳᠠ ᠨᠢ ᠬᠤᠷᠴᠠ᠂ ᠦᠷᠯᠦᠭᠡ ᠤᠷᠤᠢ ᠶᠢᠨ ᠳᠤᠯᠠᠭᠠᠨ ᠤ ᠬᠡᠮᠵᠢᠶ᠎ᠡ | ᠲᠦᠷᠭᠡᠨ ᠪᠠᠭᠤᠷᠠᠳᠠᠭ ᠪᠤᠯᠬᠤᠷ ᠵᠤᠨ ᠵᠢᠭᠤᠯᠴᠢᠯᠠᠬᠤ ᠳᠤ ᠪᠠᠨ ᠬᠦᠯᠦᠰᠦ ᠰᠠᠶᠢᠨ ᠰᠢᠩᠭᠡᠭᠡᠲᠡᠭ ᠬᠠᠨᠳᠠᠭᠠᠰᠤ | ᠵᠡᠷᠭᠡ ᠶᠢ ᠰᠤᠩᠭᠤᠬᠤ ᠬᠡᠷᠡᠭᠳᠡᠢ ᠪᠦᠭᠡᠳ ᠬᠦᠷᠢᠨ ᠤ ᠭᠠᠳᠠᠨᠠᠬᠢ ᠲᠤᠶᠠᠭ᠎ᠠ ᠶᠢ ᠰᠡᠷᠭᠡᠶᠢᠯᠡᠬᠦ ᠳᠤᠰᠤ᠂ ᠤᠷᠤᠭᠤᠯ ᠤᠨ | ᠳᠤᠰᠤ᠂ ᠨᠠᠷᠠᠨ ᠰᠢᠯ᠂ ᠨᠠᠷᠠ ᠬᠠᠯᠬᠠᠯᠠᠬᠤ ᠮᠠᠯᠠᠭᠠᠢ ᠵᠠᠷᠭᠡ ᠵᠦᠢᠯ ᠢ ᠪᠠᠯᠡᠳᠭᠡᠬᠦ ᠬᠡᠷᠡᠭᠳᠡᠢ᠃ ᠨᠠᠮᠤᠷ ᠤᠨ | ᠤᠯᠠᠷᠢᠯ ᠤᠨ ᠦᠷᠯᠦᠭᠡ ᠤᠷᠦᠢ ᠳᠤ ᠨᠢ ᠬᠤᠪᠴᠠᠰᠤ ᠪᠠᠨ ᠵᠤᠵᠠᠭᠠᠯᠠᠨ ᠡᠮᠦᠰᠴᠤ᠂ ᠳᠠᠭᠠᠷᠠᠬᠤ ᠠᠴᠠ ᠬᠢᠴᠢᠶᠡᠬᠦ | ᠬᠡᠷᠡᠭᠳᠡᠢ᠃ | 3. ᠡᠯᠡᠰᠤᠨ ᠳᠤ ᠶᠠᠪᠤᠬᠤ ᠳᠤ ᠪᠠᠨ ᠬᠠᠮᠤᠭ ᠰᠠᠶᠢᠨ ᠨᠢ ᠬᠦᠩᠭᠡᠨ᠂ ᠠᠭᠠᠷ ᠨᠡᠪᠳᠡᠷᠡᠬᠦ ᠴᠢᠨᠠᠷ ᠢᠶᠠᠷ ᠰᠠᠶᠢᠨ᠂ | ᠦᠨᠳᠦᠷ ᠲᠦᠷᠠᠢ ᠲᠠᠢ ᠢᠯᠬᠢᠨ ᠠᠷᠠᠰᠤᠨ ᠱᠠᠬᠠᠢ ᠶᠢ ᠰᠤᠩᠭᠤᠵᠤ᠂ ᠱᠠᠬᠠᠢ ᠳᠤ ᠡᠯᠡᠰᠤ ᠤᠷᠤᠵᠤ ᠵᠠᠮ ᠶᠡᠪᠤᠬᠤ ᠶᠢ | ᠨᠦᠯᠦᠭᠡᠯᠡᠬᠦ ᠶᠢ ᠰᠡᠷᠭᠡᠶᠢᠯᠡᠨ᠂ ᠵᠤᠨ ᠤ ᠭᠤᠤᠯ ᠦᠳᠡ ᠳᠤ ᠶᠠᠪᠠᠭᠠᠨ ᠶᠠᠪᠤᠵᠤ ᠪᠤᠯᠬᠤ ᠦᠭᠡᠢ᠂ ᠡᠯᠡᠰᠤᠨ ᠤ | ᠭᠠᠲᠠᠷᠭᠤ ᠶᠢᠨ ᠬᠠᠯᠠᠭᠤᠨ ᠤ ᠬᠡᠮᠵᠢᠶ᠎ᠡ ᠲᠤᠩ ᠦᠨᠳᠤᠷ ᠪᠠᠶᠢᠳᠠᠭ᠂ ᠠᠮᠠᠷᠬᠠᠨ ᠨᠠᠷᠠᠰᠢᠬᠤ ᠪᠤᠶᠤ ᠠᠷᠠᠰᠤ ᠮᠢᠬ᠎ᠠ ᠶᠢ | ᠰᠢᠷᠠᠵᠤ ᠰᠢᠷᠬᠠᠳᠤᠭᠤᠯᠤᠨᠠ᠃ | 4. ᠡᠯᠡᠰᠤ ᠮᠠᠩᠬᠠᠨ ᠳᠤ ᠶᠠᠪᠤᠪᠠᠯ ᠦᠷᠭᠦᠯᠵᠢ ᠤᠰᠤ ᠤᠤᠭᠤᠬᠤ ᠪᠦᠭᠡᠳ ᠢᠯᠡᠭᠦᠦ ᠵᠢᠮᠢᠰ ᠢᠳᠡᠬᠦ ᠠᠴᠠ | ᠭᠠᠳᠠᠨ᠎ᠠ᠂ ᠦᠷᠭᠦᠯᠵᠢ ᠬᠡᠷᠡᠭᠯᠡᠬᠦ ᠡᠮ ᠢᠶᠠᠨ ᠪᠡᠯᠡᠳᠭᠡᠨ᠎ᠡ᠂ ᠵᠢᠱᠢᠶᠠᠯᠡᠪᠠᠯ᠄ ᠨᠢᠳᠦᠨ ᠳᠤ ᠲᠤᠰᠤᠭᠠᠬᠤ ᠡᠮ᠂ | ᠪᠠᠺᠲ᠋ᠧᠷᠢ ᠦᠷᠪᠢᠰᠤᠯ ᠢ ᠰᠡᠷᠭᠡᠶᠢᠯᠡᠬᠦ ᠡᠮ᠂ ᠳᠡᠷᠭᠡᠨ ᠳᠤ ᠰᠠᠭᠤᠭᠠᠳ ᠲᠤᠷ᠎ᠠ ᠪᠤᠯᠭᠢᠬᠤ ᠶᠢ ᠰᠡᠷᠭᠡᠶᠢᠯᠡᠬᠦ ᠡᠮ ᠵᠢᠴᠢ | ᠬᠢᠮᠤᠷᠠᠭᠠᠨ ᠤ ᠡᠮ ᠪᠤᠯᠤᠨ ᠬᠤᠳᠤᠭᠤᠳᠤ ᠭᠡᠳᠡᠰᠤᠨ ᠤ ᠡᠮ ᠵᠡᠷᠭᠡ᠃ ᠵᠢᠮᠢᠰ ᠢᠳᠡᠵᠤ ᠪᠠᠷᠠᠭᠰᠠᠨ ᠤ ᠳᠠᠷᠠᠭ᠎ᠠ | ᠬᠠᠯᠠᠭᠤᠨ ᠴᠠᠢ ᠤᠤᠭᠤᠵᠤ ᠪᠤᠯᠬᠤ ᠦᠭᠡᠢ᠂ ᠠᠮᠠᠷᠬᠠᠨ ᠴᠢᠴᠠᠭ᠎ᠠ ᠠᠯᠳᠠᠨ᠎ᠠ᠃ | 5. ᠴᠦᠭᠡᠨ ᠳᠤᠭᠠᠳᠤ ᠦᠨᠳᠦᠰᠦᠳᠡᠨ ᠤ ᠭᠠᠵᠠᠷ ᠤᠷᠤᠨ ᠤᠯᠠᠩᠬᠢ ᠳᠤ ᠪᠠᠨ ᠦᠬᠡᠷ ᠬᠤᠨᠢᠨ ᠮᠢᠬ᠎ᠠ ᠪᠠᠷ | ᠭᠤᠤᠯ ᠪᠤᠯᠭᠠᠳᠠᠭ᠃ ᠲᠤᠬᠠᠢ ᠶᠢᠨ ᠭᠠᠵᠠᠷ ᠤᠷᠤᠨ ᠤ ᠴᠦᠭᠡᠨ ᠳᠤᠭᠠᠳᠤ ᠦᠨᠳᠦᠰᠦᠳᠡᠨ ᠤ ᠵᠠᠩ ᠳᠠᠳᠬᠠᠯ ᠢ | ᠬᠦᠨᠳᠦᠳᠬᠡᠵᠤ᠂ ᠰᠡᠷᠭᠡᠭ ᠴᠢᠨᠠᠷ ᠲᠠᠢ ᠦᠭᠡ ᠶᠠᠷᠢᠬᠤ ᠶᠢ ᠴᠡᠭᠡᠷᠯᠡᠨ᠎ᠡ᠃ | 6. ᠡᠯᠡᠰᠤ ᠮᠠᠩᠬᠠᠨ ᠤ ᠨᠠᠷᠠ ᠭᠠᠷᠬᠤ ᠪᠠ ᠨᠠᠷᠠ ᠰᠢᠩᠭᠡᠬᠦ ᠦᠶ᠎ᠡ ᠶᠢᠨ ᠦᠵᠡᠮᠵᠢ ᠶᠢ ᠰᠡᠭᠦᠳᠡᠷᠯᠡᠭᠰᠡᠨ ᠦᠷ᠎ᠡ | ᠳ᠋ᠦᠩ ᠨᠢ ᠲᠤᠩ ᠰᠠᠶᠢᠨ ᠪᠠᠶᠢᠳᠠᠭ᠂ ᠰᠠᠭᠦᠲᠡᠷᠯᠡᠬᠦ ᠰᠠᠨᠠᠭ᠎ᠠ ᠲᠠᠢ ᠪᠠᠶᠢᠪᠠᠯ᠂ ᠰᠠᠭᠦᠳᠡᠷᠯᠡᠬᠦ ᠮᠠᠰᠢᠨ ᠵᠡᠷᠭᠡ ᠪᠠᠨ | ᠰᠠᠶᠢᠬᠠᠨ ᠪᠡᠯᠡᠳᠭᠡᠵᠤ᠂ ᠬᠡᠷᠡᠭᠯᠡᠬᠦ ᠦᠭᠡᠢ ᠦᠶ᠎ᠡ ᠳᠤ ᠪᠠᠨ ᠡᠷᠬᠡᠪᠰᠢ ᠰᠠᠶᠢᠬᠠᠨ ᠪᠤᠭᠤᠵᠤ ᠲᠠᠯᠪᠢᠨ᠂ ᠰᠡᠭᠦᠳᠡᠷᠯᠡᠬᠦ | ᠮᠠᠰᠢᠨ ᠵᠡᠷᠭᠡ ᠳᠤ ᠡᠯᠡᠰᠤ ᠰᠢᠷᠦᠢ ᠤᠷᠤᠵᠤ᠂ ᠮᠠᠰᠢᠨ ᠢ ᠡᠪᠳᠡᠯᠬᠦ ᠠᠴᠠ ᠬᠢᠴᠢᠶᠡᠨ᠎ᠡ᠃ | 7. ᠡᠯᠡᠰᠤ ᠮᠠᠩᠬᠠᠨ ᠤ ᠡᠯ᠎ᠡ ᠵᠦᠢᠯ ᠤᠨ ᠡᠪᠡᠰᠤ ᠤᠷᠭᠤᠮᠠᠯ ᠢ ᠡᠪᠳᠡᠵᠤ ᠰᠦᠢᠳᠬᠡᠵᠦ ᠪᠤᠯᠬᠤ ᠦᠭᠡᠢ | ᠪᠦᠭᠡᠳ ᠤᠰᠤ ᠠᠷᠪᠢᠯᠠᠬᠤ ᠬᠡᠷᠡᠭᠳᠡᠢ᠂ ᠳᠡᠳᠡᠭᠡᠷ ᠨᠢ ᠡᠯᠡᠰᠤ ᠮᠠᠩᠬᠠᠨ ᠠᠮᠢ ᠠᠬᠤᠢ ᠶᠢ ᠬᠠᠮᠠᠭᠠᠯᠠᠬᠤ ᠳᠤ | ᠤᠮᠳᠤᠭᠠᠢᠢᠯᠠᠵᠤ ᠪᠤᠯᠤᠰᠢ ᠦᠭᠡᠢ ᠦᠢᠯᠡᠳᠦᠯ ᠲᠠᠢ᠃ | 8. ᠲᠠᠨ ᠤ ᠵᠢᠭᠤᠯᠴᠢᠯᠠᠵᠤ ᠪᠠᠶᠢᠭ᠎ᠠ ᠤᠷᠤᠨ ᠪᠤᠯ ᠡᠯᠡᠰᠤ ᠮᠠᠩᠬᠠᠨ ᠠᠮᠢ ᠠᠬᠤᠢ ᠶᠢᠨ ᠪᠠᠶᠢᠭᠠᠯᠢ ᠶᠢᠨ | ᠬᠠᠮᠠᠭᠠᠯᠠᠯᠳᠠ ᠶᠢᠨ ᠤᠷᠤᠨ ᠪᠤᠯᠬᠤᠷ ᠦᠪᠡᠷ ᠤᠨ ᠬᠡᠷᠡᠭᠯᠡᠵᠤ ᠦᠩᠭᠡᠷᠡᠭᠰᠡᠨ ᠠᠮᠢᠳᠤᠷᠠᠯ ᠤᠨ ᠬᠠᠶᠠᠭᠳᠠᠮᠠᠯ ᠡᠳ᠋ ᠪᠠᠨ | ᠲᠦᠷᠦᠯ ᠬᠤᠪᠢᠶᠠᠨ᠂ ᠦᠵᠡᠮᠵᠢ ᠶᠢᠨ ᠤᠷᠤᠨ ᠳᠤ ᠲᠤᠬᠢᠷᠠᠭᠤᠯᠤᠭᠰᠠᠨ ᠬᠤᠭ ᠤᠨ ᠰᠠᠪᠠᠨ ᠳᠤ ᠬᠢᠬᠦ ᠬᠡᠷᠡᠭᠳᠡᠢ᠃ | 9. ᠶᠠᠪᠠᠭᠠᠨ ᠢᠶᠠᠷ ᠡᠯᠡᠰᠤ ᠮᠠᠩᠬᠠᠨ ᠳᠤ ᠪᠠᠷᠲᠠᠭ᠎ᠠ ᠰᠢᠨᠵᠢᠯᠡᠬᠦ ᠳᠤ᠂ ᠬᠡᠭᠡᠷ᠎ᠡ ᠬᠤᠨᠤᠭᠯᠠᠬᠤ ᠲᠦᠬᠦᠭᠡᠷᠦᠮᠵᠢ | ᠪᠤᠯᠤᠨ ᠬᠡᠷᠡᠭᠯᠡᠬᠦ ᠪᠠᠭᠠᠵᠢ ᠶᠢ ᠪᠡᠯᠡᠳᠭᠡᠵᠤ᠂ ᠬᠠᠮᠤᠭ ᠰᠠᠶᠢᠨ ᠨᠢ ᠲᠤᠰᠬᠠᠢ ᠮᠡᠷᠭᠡᠵᠢᠯᠳᠡᠨ ᠢᠶᠠᠷ ᠬᠠᠪᠰᠤᠷᠠᠭᠤᠯᠤᠨ | ᠮᠠᠶᠢᠬᠠᠨ ᠢᠶᠠᠨ ᠪᠤᠰᠬᠠᠬᠤ ᠶᠢᠨ ᠬᠠᠮᠳᠤ ᠵᠠᠮ ᠳᠠᠭᠠᠭᠤᠯᠤᠭᠴᠢ ᠲᠠᠢ ᠰᠠᠶᠢᠨ ᠨᠡᠪᠳᠡᠷᠡᠯᠴᠡᠬᠦ ᠶᠢ ᠠᠩᠬᠠᠷᠬᠤ ᠬᠡᠷᠡᠭᠳᠡᠢ᠃ | | 10. ᠡᠯᠡᠰᠤ ᠮᠠᠩᠬᠠᠨ ᠳᠤ ᠵᠢᠭᠤᠯᠴᠢᠯᠠᠬᠤ ᠶᠢᠨ ᠲᠤᠬᠢᠷᠠᠮᠵᠢᠲᠡᠢ ᠤᠯᠠᠷᠢᠯ ᠪᠤᠯ 5--10 ᠰᠠᠷ᠎ᠠ ᠪᠠᠶᠢᠵᠤ᠂ | 6--9 ᠰᠠᠷ᠎ᠠ ᠪᠤᠯ ᠬᠠᠮᠤᠭ ᠰᠠᠶᠢᠨ ᠦᠶ᠎ᠡ ᠪᠤᠯᠤᠨ᠎ᠠ᠂ ᠶᠠᠪᠠᠭᠠᠨ ᠢᠶᠠᠷ ᠡᠯᠡᠰᠤ ᠮᠠᠩᠬᠠᠨ ᠳᠤ ᠪᠠᠷᠲᠠᠭ᠎ᠠ ᠰᠢᠨᠵᠢᠯᠡᠬᠦ | ᠤᠯᠠᠷᠢᠯ ᠪᠤᠯ 9--10 ᠰᠠᠷ᠎ᠡ ᠪᠤᠯᠤᠨ᠎ᠠ᠃ | |