ᠡᠪᠤᠯᠵᠢᠬᠤ ᠪᠤᠭᠤᠳᠠᠢ ᠶᠡᠷᠥ ᠳᠤ ᠪᠠᠨ ᠡᠪᠤᠯᠵᠢᠬᠦ ᠬᠤᠭᠤᠴᠠᠭ᠎ᠠ ᠦᠬᠡᠢ᠂ ᠡᠪᠤᠯ ᠤᠨ ᠰᠡᠬᠦᠯᠴᠢ ᠬᠠᠪᠤᠷ ᠤᠨ | ᠡᠬᠢ ᠪᠠᠷ ᠬᠡᠰᠡᠭ ᠭᠠᠵᠠᠷ ᠤᠷᠤᠨ ᠳᠤ ᠪᠤᠭᠤᠳᠠᠢ ᠨᠢ ᠨᠢᠭᠡᠨᠳᠡ ᠦᠶᠡᠳᠥᠵᠤ᠂ ᠴᠡᠴᠡᠭ ᠳᠡᠯᠭᠡᠷᠡᠳᠡᠭ᠃ ᠡᠨᠡ | ᠦᠶ᠎ᠡ ᠳᠤ ᠴᠠᠰᠥ ᠮᠦᠰᠥᠨ ᠤ ᠭᠠᠮᠰᠢᠭ ᠳᠤᠬᠢᠶᠠᠯᠳᠤᠪᠠᠯ ᠪᠤᠭᠤᠳᠠᠢ ᠶᠢᠨ ᠤᠷᠭᠤᠯᠳᠠ ᠳᠤ ᠨᠦᠯᠥᠭᠡ ᠪᠤᠯᠳᠠᠭ᠂ | ᠳᠤᠤᠷᠠᠬᠢ ᠬᠠᠮᠢᠶᠠᠷᠤᠯᠳᠠ ᠶᠢᠨ ᠠᠷᠭ᠎ᠠ ᠪᠠᠷ ᠭᠠᠮᠰᠢᠭ ᠢ ᠪᠠᠭᠠᠰᠬᠠᠵᠤ ᠪᠤᠯᠤᠨ᠎ᠠ᠃ | 1. ᠬᠤᠷᠠᠭᠰᠠᠨ ᠴᠠᠰᠥ ᠬᠠᠶᠢᠯᠤᠭᠰᠠᠨ ᠤ ᠳᠠᠷᠠᠭ᠎ᠠ ᠬᠡᠷᠪᠡ ᠳᠠᠷᠢᠶᠠᠨ ᠳᠤ ᠤᠰᠥ ᠳᠤᠨᠤᠪᠠᠯ᠂ ᠳᠤᠤᠷ᠎ᠠ ᠨᠢ | ᠭᠤᠤ ᠪᠠᠨ ᠴᠡᠪᠡᠷᠯᠡᠨ ᠤᠰᠥ ᠵᠠᠯᠠᠵᠤ᠂ ᠳᠡᠪᠳᠥᠬᠡᠬᠦ ᠭᠠᠮᠰᠢᠭ ᠠᠴᠠ ᠰᠡᠷᠬᠡᠶᠢᠯᠡᠬᠦ ᠬᠡᠷᠡᠭᠳᠡᠢ᠃ | 2. ᠪᠤᠭᠤᠳᠠᠢ ᠶᠢᠨ ᠳᠠᠷᠢᠶᠠᠨ ᠳᠤ ᠬᠤᠷᠠᠭᠰᠠᠨ ᠴᠠᠰᠥ ᠬᠠᠶᠢᠯᠤᠭᠠᠳ ᠬᠦᠷᠥᠰᠥ ᠰᠢᠷᠥᠢ ᠬᠡᠰᠥᠭᠰᠡᠨ ᠤ | ᠳᠠᠷᠠᠭ᠎ᠠ ᠪᠤᠭᠤᠳᠠᠢ ᠶᠢᠨ ᠴᠢᠬᠢ ᠰᠡᠷᠬᠦᠨ ᠤᠷᠭᠤᠵᠤ ᠡᠬᠢᠯᠡᠬᠦ ᠦᠶ᠎ᠡ ᠳᠤ ᠬᠦᠮᠥᠰ ᠢ ᠳᠠᠷᠤᠢ ᠲᠦᠷᠭᠡᠨ ᠵᠤᠬᠢᠶᠠᠨ | ᠪᠠᠶᠢᠭᠤᠯᠵᠤ᠂ ᠨᠡᠮᠡᠯᠳᠡ ᠪᠤᠷᠳᠤᠭᠤᠷ ᠤᠷᠤᠭᠤᠯᠬᠤ ᠬᠡᠷᠡᠭᠳᠡᠢ᠃ ᠶᠡᠷᠥ ᠳᠤ ᠪᠠᠨ ᠮᠦ ᠪᠦᠷᠢ ᠳᠤ ᠰᠢᠭᠡᠰᠦᠯᠢᠭ ᠡᠳ᠋ 5 | ᠺᠢᠯᠥᠭᠷᠠᠮ ᠤᠷᠤᠭᠤᠯᠥᠨᠠ᠃ ᠬᠦᠨᠳᠥ ᠬᠦᠯᠳᠡᠭᠰᠡᠨ᠂ ᠴᠢᠬᠢ ᠶᠢᠨ ᠪᠠᠶᠢᠳᠠᠯ ᠠᠨᠠᠢ ᠪᠦᠭᠡᠳ ᠬᠦᠷᠥᠰᠥᠨ ᠤ ᠬᠦᠴᠥ | ᠰᠢᠮ᠎ᠡ ᠨᠢ ᠨᠡᠯᠢᠶᠡᠳ ᠳᠤᠤᠷ᠎ᠠ ᠪᠤᠭᠤᠳᠠᠢ ᠶᠢᠨ ᠳᠠᠷᠢᠶᠠᠨ ᠳᠤ ᠢᠯᠡᠬᠦᠭᠡᠨ ᠤᠷᠤᠭᠤᠯᠵᠤ᠂ ᠳᠡᠶᠢᠮᠥ ᠪᠢᠰᠢ ᠪᠤᠯ ᠪᠠᠭ᠎ᠠ | ᠤᠷᠤᠭᠤᠯᠬᠤ ᠬᠡᠷᠡᠭᠳᠡᠢ᠃ | 3. ᠪᠤᠭᠤᠳᠠᠢ ᠶᠢᠨ ᠴᠢᠬᠢ ᠨᠢ ᠬᠦᠯᠳᠡᠭᠰᠡᠨ ᠠᠴᠠ ᠪᠤᠯᠵᠤ᠂ ᠤᠷᠭᠠᠨᠢᠭ ᠪᠡᠶ᠎ᠡ ᠶᠢᠨ ᠡᠪᠡᠳᠴᠢᠨ ᠡᠰᠡᠷᠬᠦᠴᠡᠬᠦ | ᠴᠢᠳᠠᠯ ᠨᠢ ᠪᠠᠭᠤᠷᠠᠳᠠᠭ ᠲᠤᠯᠠ ᠡᠪᠡᠳᠴᠢᠨ ᠬᠤᠷᠤᠬᠠᠢ ᠶᠢ ᠬᠢᠨᠠᠨ ᠪᠠᠶᠢᠴᠠᠭᠠᠬᠤ ᠬᠢᠭᠡᠳ ᠰᠡᠷᠬᠡᠶᠢᠯᠡᠨ ᠵᠠᠰᠠᠬᠤ | ᠠᠵᠢᠯ ᠢ ᠴᠠᠭ ᠲᠤᠬᠠᠢ ᠳᠤ ᠨᠢ ᠰᠠᠶᠢᠳᠥᠷ ᠬᠢᠬᠦ ᠬᠡᠷᠡᠭᠳᠡᠢ᠃ | ᠵᠢᠮᠢᠰ ᠤᠨ ᠮᠤᠳᠥ ᠴᠠᠰᠥ ᠵᠤᠳ ᠳᠤᠬᠢᠶᠠᠯᠳᠤᠪᠠᠯ ᠠᠳᠠᠯᠢ ᠪᠤᠰᠥ ᠵᠢᠮᠢᠰ ᠤᠨ ᠮᠤᠳᠥᠨ ᠤ ᠰᠤᠷᠲ ᠪᠤᠯᠤᠨ | ᠠᠳᠠᠯᠢ ᠪᠤᠰᠥ ᠭᠠᠮᠰᠢᠭᠳᠠᠭᠰᠠᠨ ᠪᠠᠶᠢᠳᠠᠯ ᠳᠤ ᠬᠠᠨᠳᠤᠭᠤᠯᠥᠨ ᠠᠳᠠᠯᠢ ᠪᠤᠰᠥ ᠶᠢᠨ ᠠᠪᠤᠷᠠᠬᠤ ᠠᠷᠭ᠎ᠠ ᠪᠠᠷᠢᠯ ᠢ | ᠠᠪᠴᠥ ᠪᠤᠯᠤᠨ᠎ᠠ᠃ | 1. ᠶᠠᠭᠤᠨ ᠤ ᠡᠮᠥᠨ᠎ᠡ ᠴᠠᠰᠥᠨ ᠳᠤ ᠳᠠᠷᠤᠭᠳᠠᠵᠤ ᠬᠠᠵᠠᠶᠢᠭᠰᠠᠨ ᠤᠷᠭᠤᠮᠠᠯ ᠤᠨ ᠮᠤᠳᠥ ᠶᠢ ᠴᠠᠭ | ᠲᠤᠬᠠᠢ ᠳᠤ ᠨᠢ ᠪᠤᠰᠬᠠᠨ᠎ᠠ᠃ | 2. ᠬᠤᠭᠤᠷᠠᠭᠰᠠᠨ᠂ ᠬᠦᠨᠳᠥ ᠰᠦᠷᠡᠬᠡᠢ ᠪᠠᠯᠪᠠᠷᠠᠵᠤ ᠬᠤᠭᠤᠷᠠᠭᠠᠳ ᠰᠡᠷᠬᠦᠭᠡᠬᠦ ᠳᠤ ᠬᠦᠴᠢᠷᠳᠡᠢ ᠶᠡᠭᠡ | ᠰᠠᠯᠠᠭ᠎ᠠ ᠶᠢ ᠴᠠᠭ ᠲᠤᠬᠠᠢ ᠳᠤ ᠨᠢ ᠤᠭᠳᠤᠯᠵᠤ᠂ ᠳᠡᠷᠡ ᠳᠠᠷᠤᠢ ᠳᠤ ᠨᠢ ᠸᠠᠽᠧᠯᠢᠨ᠂ ᠤᠶᠠᠩᠭᠠᠳᠥ ᠮᠤᠳᠥᠨ ᠤ | ᠲᠤᠰᠥ ᠪᠤᠶᠤ ᠱᠢ ᠯᠠ ᠶᠢ ᠰᠢᠷᠬ᠎ᠠ ᠳᠡᠭᠡᠷ᠎ᠡ ᠨᠢ ᠲᠦᠷᠬᠢᠵᠤ ᠦᠭᠬᠦ ᠬᠡᠷᠡᠭᠳᠡᠢ᠃ | 3. ᠡᠪᠡᠳᠴᠢᠨ ᠬᠤᠷᠤᠬᠠᠢ ᠶᠢᠨ ᠭᠠᠮᠰᠢᠭ ᠢ ᠰᠡᠷᠬᠡᠶᠢᠯᠡᠨ ᠵᠠᠰᠠᠬᠤ ᠪᠤᠯᠤᠨ ᠴᠡᠴᠡᠭ ᠵᠢᠮᠢᠰ ᠢ ᠬᠠᠮᠠᠭᠠᠯᠠᠬᠤ | ᠠᠵᠢᠯ ᠢ ᠴᠠᠭ ᠲᠤᠬᠠᠢ ᠳᠤ ᠨᠢ ᠴᠢᠩᠭᠠᠳᠬᠠᠵᠤ᠂ ᠲᠤᠰ ᠵᠢᠯ ᠤᠨ ᠤᠨᠠᠯᠳᠠ ᠶᠢ ᠠᠯᠢ ᠴᠢᠳᠠᠬᠤ ᠪᠠᠷ ᠪᠠᠳᠤᠯᠠᠬᠤ | ᠬᠡᠷᠡᠭᠳᠡᠢ᠃ | |