ᠴᠢᠪᠠᠭ᠎ᠠ ᠪᠤᠯ ᠡᠮᠡᠭᠳᠡᠢ ᠬᠦᠮᠦᠨ ᠤ ᠬᠠᠮᠤᠭ ᠤᠨ ᠰᠠᠶᠢᠨ ᠢᠳᠡᠭᠡᠨ
ᠨᠡᠶᠢᠲᠡᠯᠡᠭᠰᠡᠨ ᠴᠠᠭ᠄
2022/3/31
     ᠡᠮᠨᠡᠯᠭᠡ ᠶᠢᠨ ᠲᠤᠰᠬᠠᠢ ᠮᠡᠷᠭᠡᠵᠢᠯᠳᠡᠨ ᠤ ᠰᠠᠨᠠᠭᠤᠯᠬᠤ ᠪᠠᠷ᠂ ᠡᠮᠡᠭᠳᠡᠢ ᠬᠦᠮᠦᠨ ᠨᠢᠭᠡ ᠪᠡᠶᠡᠨ ᠳᠡᠭᠡᠨ ᠦᠷᠭᠦᠯᠵᠢ ᠴᠢᠪᠠᠭ᠎ᠠ ᠢᠳᠡᠬᠦ ᠬᠡᠷᠡᠭᠳᠡᠢ᠃ ᠴᠢᠪᠠᠭ᠎ᠠ ᠪᠣᠯ ᠡᠮᠡᠭᠳᠡᠢ ᠬᠦᠮᠦᠨ ᠤ ᠬᠠᠮᠤᠭ ᠤᠨ ᠰᠠᠶᠢᠨ ᠰᠢᠮ᠎ᠡ ᠲᠡᠵᠢᠭᠡᠯ ᠪᠠ ᠭᠤᠶᠤᠯᠠᠯ ᠤᠨ ᠵᠢᠮᠢᠰ ᠮᠦᠨ ᠭᠡᠵᠤ ᠪᠤᠢ᠃      ︿1︶ ᠴᠢᠪᠠᠭ᠎ᠠ ᠶᠢ ᠪᠤᠴᠠᠯᠤᠭᠰᠠᠨ ᠤᠰᠤᠨ ᠳᠤ ᠴᠢᠯᠡᠵᠤ ᠤᠰᠤ ᠢ ᠨᠢ ᠤᠤᠭᠤᠪᠠᠯ ᠡᠯᠢᠭᠡ ᠬᠤᠳᠤᠭᠠᠳᠤ ᠶᠢ ᠭᠠᠮᠨᠠᠶ᠋ᠵᠤ ᠪᠡᠶ᠎ᠡ ᠶᠢᠨ ᠬᠤᠤᠷ ᠢ ᠠᠷᠢᠯᠭᠠᠨ᠎ᠠ᠃      ︿2︶ ᠴᠢᠪᠠᠭ᠎ᠠ ᠶᠢ ᠯᠤᠤ ᠶᠢᠨ ᠨᠢᠳᠤ ᠲᠠᠢ᠂ ᠬᠦᠬᠡ ᠴᠠᠢ ᠲᠠᠢ ᠴᠤᠭ ᠴᠢᠯᠡᠵᠤ ᠤᠤᠭᠤᠪᠠᠯ ᠲᠠᠮᠢᠷ ᠲᠡᠩᠬᠡᠭᠡ ᠶᠢ ᠨᠡᠮᠡᠭᠳᠡᠬᠦᠯᠵᠤ ᠬᠤᠭᠤᠯᠠᠢ ᠪᠠᠭᠠᠯᠵᠠᠭᠤᠷ ᠲᠤ ᠰᠠᠶᠢᠨ᠃      ︿3︶ ᠴᠢᠪᠠᠭ᠎ᠠ ᠶᠢ ᠮᠦᠰᠦᠨ ᠰᠢᠬᠡᠷ᠂ ᠲᠤᠳᠤᠷᠭ᠎ᠠ ᠪᠤᠶᠤ ᠨᠠᠷᠢᠮᠤ ᠪᠤᠳᠠᠭ᠎ᠠ ᠲᠠᠢ ᠰᠢᠩᠬᠡᠨ ᠵᠤᠳᠠᠩ ᠪᠤᠯᠭᠠᠨ ᠴᠢᠨᠠᠵᠤ ᠢᠳᠡᠪᠡᠯ ᠠᠭᠤᠰᠬᠢᠨ ᠬᠠᠯᠠᠭᠤᠨ ᠢ ᠬᠦᠭᠡᠭᠡᠵᠤ ᠬᠠᠨᠢᠶᠠᠳᠤ ᠳᠤ ᠲᠤᠰᠠᠳᠠᠢ᠃      ︿4︶ ᠴᠢᠪᠠᠭ᠎ᠠ᠂ ᠯᠤᠤ ᠶᠢᠨ ᠨᠢᠳᠤ᠂ ᠤᠯᠠᠭᠠᠨ ᠰᠢᠬᠡᠷ᠂ ᠦᠨᠳᠡᠭᠡ ᠲᠠᠢ ᠴᠤᠭ ᠴᠢᠨᠠᠵᠤ ᠢᠳᠡᠪᠡᠯ ᠦᠩᠬᠡ ᠵᠢᠰᠤ ᠶᠢ ᠭᠤᠶᠤᠵᠢᠭᠤᠯᠬᠤ ᠦᠢᠯᠡᠳᠤᠯ ᠲᠠᠢ᠃      ︿5︶ ᠴᠢᠪᠠᠭ᠎ᠠ ᠶᠢ ᠠᠷᠢᠬᠢᠨ ᠳᠤ ᠲᠡᠪᠳᠤᠭᠡᠵᠤ ᠵᠤᠬᠢᠮᠵᠢᠳᠠᠢ ᠤᠤᠭᠤᠵᠤ ᠨᠢ ᠴᠢᠰᠤᠨ ᠡᠷᠭᠢᠯᠳᠡ ᠶᠢ ᠰᠠᠶᠢᠵᠢᠷᠠᠭᠤᠯᠵᠤ᠂ ᠬᠤᠳᠤᠭᠤᠳᠤ ᠬᠡᠲᠡᠰᠤ ᠶᠢ ᠭᠠᠮᠨᠠᠵᠤ ᠬᠠᠮᠠᠭᠠᠯᠠᠬᠤ ᠦᠢᠯᠡᠳᠦᠯ ᠲᠠᠢ ᠪᠠᠶᠢᠳᠠᠭ᠃    
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠦᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号