ᠬᠠᠨᠳᠠᠭᠠᠢ ᠪᠤᠯ ᠮᠠᠨ ᠤ ᠤᠷᠤᠨ ᠤ ᠬᠤᠪᠦᠷ ᠨᠠᠨᠳᠢᠨ ᠠᠮᠢᠳᠠᠨ ᠪᠤᠯᠤᠨ᠎ᠠ᠃ ᠲᠡᠬᠦᠨ ᠤ ᠠᠯᠳᠠᠷ ᠡᠷᠲᠡᠨ ᠠᠴᠠ | ᠮᠠᠨ ᠤ ᠮᠤᠩᠭᠤᠯᠴᠤᠳ ᠤᠨ ᠳᠠᠭᠤᠤ ᠰᠢᠯᠦᠭ᠂ ᠠᠮᠠᠨ ᠵᠤᠬᠢᠶᠠᠯ ᠪᠢᠴᠢᠭ ᠤᠨ ᠵᠤᠬᠢᠶᠠᠯ ᠳᠤ ᠬᠠᠷᠠᠭᠳᠠᠭᠰᠠᠭᠠᠷ ᠢᠷᠡᠪᠡ᠃ | | ᠬᠠᠨᠳᠠᠭᠠᠢ ᠨᠢ ᠪᠤᠭᠤ ᠶᠢᠨ ᠢᠵᠠᠭᠤᠷ ᠤᠨ ᠲᠤᠳᠤᠷᠠᠬᠢ ᠬᠠᠮᠤᠭ ᠤᠨ ᠲᠤᠮᠤ ᠪᠡᠶᠡᠳᠡᠨ ᠪᠤᠯᠤᠨ᠎ᠠ᠃ ᠮᠠᠨ ᠤ | ᠮᠤᠩᠭᠤᠯ ᠤᠷᠤᠨ ᠤ ᠬᠠᠨᠳᠠᠭᠠᠢ ᠶᠢᠨ ᠪᠡᠶ᠎ᠡ ᠶᠢᠨ ᠤᠷᠲᠦ 220-300 ᠰᠠᠨᠲ᠋ᠢᠮᠧᠲᠷ᠂ ᠦᠨᠳᠦᠷ ᠨᠢ ᠰᠡᠷᠪᠡᠭᠡ | ᠪᠠᠷ ᠢᠶᠠᠨ 170-230 ᠰᠠᠨᠲ᠋ᠢᠮᠧᠲᠷ᠂ ᠬᠦᠨᠳᠦ ᠨᠢ ᠶᠡᠷᠦᠳᠡᠭᠡᠨ 300-500 ᠺᠢᠯᠤᠭ᠍ᠷᠠᠮ᠂ ᠬᠠᠮᠤᠭ ᠲᠤᠮᠤ | ᠨᠢ 600 ᠺᠢᠯᠤᠭ᠍ᠷᠠᠮ ᠬᠦᠷᠦᠭᠰᠡᠨ ᠴᠤ ᠪᠤᠢ᠃ ᠤᠮᠠᠷᠠᠲᠦ ᠠᠮᠧᠷᠢᠺᠠ ᠶᠢᠨ ᠬᠠᠨᠳᠠᠭᠠᠢ ᠴᠤ ᠰᠢᠪᠧᠷᠢᠶ᠎ᠠ ᠶᠢᠨ | ᠬᠠᠨᠳᠠᠭᠠᠢ ᠠᠴᠠ ᠤᠳᠤᠮ ᠲᠠᠢ᠃ | ᠬᠠᠨᠳᠠᠭᠠᠢ ᠶᠢᠨ ᠵᠢᠰᠦ ᠬᠠᠷᠠᠯᠠᠭ ᠬᠠᠯᠢᠭᠤᠨ᠂ ᠪᠤᠷᠤ ᠬᠠᠯᠳᠠᠷᠲᠠᠭᠤ᠂ ᠴᠡᠴᠡ ᠤᠷᠲᠦ᠂ ᠰᠡᠷᠪᠡᠭᠡ ᠦᠨᠳᠦᠷ᠂ | ᠬᠦᠵᠦᠬᠦᠦ ᠪᠤᠭᠤᠨᠢ᠂ ᠬᠠᠮᠠᠷ ᠮᠤᠩᠬᠤᠷ᠂ ᠳᠡᠭᠡᠳᠦ ᠤᠷᠤᠭᠤᠯ ᠨᠢ ᠲᠤᠤᠷᠠᠲᠦ ᠤᠷᠤᠭᠤᠯ ᠢᠶᠠᠨ ᠪᠦᠷᠬᠦᠨ᠂ | ᠲᠤᠷᠤᠭᠰᠢ ᠱᠡᠯᠬᠡᠶᠢᠵᠦ ᠤᠨᠵᠢᠢᠭᠰᠠᠨ᠂ ᠡᠷᠡᠬᠦᠦ ᠳᠡᠭᠡᠨ ᠰᠠᠬᠠᠯ ᠲᠠᠢ᠂ ᠬᠦᠵᠦᠭᠦᠦ ᠳᠡᠭᠡᠨ ᠮᠤᠯᠴᠤᠭ ᠲᠠᠢ᠂ | ᠳᠠᠯᠪᠠᠭᠠᠷ ᠲᠤᠮᠤ ᠡᠪᠡᠷ ᠲᠠᠢ᠃ ᠬᠠᠨᠳᠠᠭᠠᠢ ᠶᠢᠨ ᠡᠷ᠎ᠡ ᠶᠢ ᠮᠠᠨᠵᠢ᠂ ᠡᠮ᠎ᠡ ᠶᠢ ᠰᠦᠨᠳᠡᠰᠦ᠂ ᠨᠢᠯᠬ᠎ᠠ ᠲᠦᠯ ᠢ ᠬᠤᠲᠤᠯ | ᠭᠡᠨ᠎ᠡ᠃ ᠰᠦᠨᠳᠡᠰᠦ ᠳᠤ ᠡᠪᠡᠷ ᠦᠭᠡᠢ᠃ ᠪᠡᠶ᠎ᠡ ᠬᠦᠢᠴᠡᠭᠰᠡᠨ ᠪᠦᠳᠦᠬᠦᠨ ᠮᠠᠨᠵᠢ ᠶᠢᠨ ᠬᠤᠤᠰ ᠡᠪᠡᠷ ᠨᠢ 15 | ᠺᠢᠯᠤᠭ᠍ᠷᠠᠮ ᠳᠤ ᠬᠦᠷᠦᠨ᠎ᠡ᠃ ᠡᠪᠡᠷ ᠤᠨ ᠤᠷᠲᠦ ᠨᠢ 1.8 ᠮᠧᠲᠷ᠂ ᠦᠷᠭᠡᠨ ᠢᠶᠠᠷ ᠢᠶᠠᠨ 40 ᠰᠡᠨᠲ᠋ᠢᠮᠧᠲᠷ ᠬᠦᠷᠦᠨ᠎ᠡ᠃ | ᠡᠪᠡᠷ ᠨᠢ 11-12 ᠰᠠᠷ᠎ᠠ ᠳᠤ ᠤᠨᠠᠵᠤ᠂ 3 ᠰᠠᠷ᠎ᠠ ᠠᠴᠠ ᠡᠬᠢᠯᠡᠵᠦ ᠤᠷᠭᠤᠭᠠᠳ᠂ 7 ᠰᠠᠷ᠎ᠠ ᠳᠤ ᠶᠠᠰᠤᠵᠢᠵᠦ | ᠡᠬᠢᠯᠡᠨ᠎ᠡ᠃ ᠡᠪᠦᠯ ᠳᠡᠭᠡᠨ ᠦᠰᠦ ᠨᠢ 10 ᠰᠡᠨᠲ᠋ᠢᠮᠧᠲᠷ ᠬᠦᠷᠳᠡᠭ ᠲᠤᠯᠠ ᠬᠦᠢᠲᠡᠨ ᠠᠴᠠ ᠠᠶᠤᠳᠠᠭ ᠦᠭᠡᠢ᠃ | ᠬᠠᠨᠳᠠᠭᠠᠢ ᠶᠡᠷᠦᠳᠡᠭᠡᠨ ᠡᠪᠡᠰᠦ᠂ ᠮᠤᠳᠤᠨ ᠨᠠᠪᠴᠢ᠂ ᠨᠢᠯᠵᠠᠷᠠᠢ ᠮᠦᠴᠢᠷ ᠢᠳᠡᠳᠡᠭ ᠪᠦᠭᠡᠳ ᠡᠪᠤᠯ ᠳᠡᠭᠡᠨ | ᠮᠤᠳᠤᠨ ᠮᠦᠴᠢᠷ᠂ ᠬᠤᠯᠳᠤᠰᠦ᠂ ᠬᠦᠪᠲᠦ ᠪᠠᠷ ᠦᠯ ᠳᠠᠷᠤᠨ᠎ᠠ᠃ ᠬᠠᠨᠳᠠᠭᠠᠢ ᠶᠡᠬᠡᠪᠴᠢᠯᠠᠨ ᠦᠷ ᠦᠳᠡᠰᠢ ᠶᠢᠨ | ᠪᠦᠷᠦᠩᠬᠡᠢ ᠪᠠᠷ ᠢᠳᠡᠰᠢᠯᠡᠵᠦ᠂ ᠡᠳᠦᠷ ᠨᠢ ᠰᠢᠷᠡᠩᠬᠡᠢ ᠲᠤᠳᠤᠷ᠎ᠠ ᠬᠡᠪᠳᠡᠵᠦ ᠠᠮᠠᠷᠠᠬᠤ ᠪᠦᠭᠡᠳ ᠵᠤᠨ ᠤ ᠤᠯᠠᠷᠢᠯ ᠳᠤ | ᠮᠠᠷᠠᠭ᠎ᠠ ᠳᠤ ᠢᠷᠡᠵᠦ᠂ ᠰᠢᠷᠤᠢ ᠲᠤᠯᠢᠶᠠᠬᠤ ᠲᠤᠷᠠᠳᠠᠢ᠂ ᠪᠤᠭᠤ ᠶᠢ ᠪᠤᠳᠤᠪᠠᠯ ᠠᠷᠠᠢ ᠰᠢᠩᠭᠡᠨ ᠰᠦᠭᠡᠩᠬᠡᠢ ᠳᠠᠭᠤ ᠪᠠᠷ | ᠤᠷᠤᠮᠳᠠᠨ᠎ᠠ᠃ | ᠬᠠᠨᠳᠠᠭᠠᠢ ᠨᠢ ᠤᠰᠤ ᠬᠠᠭᠤᠷᠠᠢ ᠳᠤ ᠴᠦᠮ ᠵᠤᠬᠢᠴᠠᠭᠰᠠᠨ ᠠᠮᠢᠲᠠᠨ ᠶᠤᠮ᠃ ᠦᠵᠡᠬᠦ ᠳᠤ ᠲᠡᠬᠦᠨ ᠤ ᠪᠡᠶ᠎ᠡ | ᠨᠦᠰᠡᠷ ᠬᠦᠨᠳᠦ ᠬᠦᠳᠡᠬᠢ ᠪᠢᠲᠠᠭᠤ ᠮᠡᠲᠦ ᠪᠤᠯᠪᠠᠴᠤ ᠶᠤᠰᠤᠳᠠᠢ ︽ᠤᠰᠤᠨ ᠳᠤ ᠶᠠᠪᠤᠬᠤ ᠠᠨᠤ ᠲᠦᠪᠰᠢᠨ ᠭᠠᠵᠠᠷ | ᠳᠠᠪᠬᠢᠬᠤ ᠮᠡᠲᠦ᠂ ᠬᠠᠭᠤᠷᠠᠢ ᠳᠤ ᠬᠦᠶᠦᠬᠦ ᠠᠨᠤ ᠰᠠᠯᠬᠢᠨ ᠮᠡᠲᠦ︾ ᠠᠮᠢᠲᠠᠨ ᠠᠵᠠᠢ᠃ ᠲᠡᠷᠡ 20 ᠺᠢᠯᠤᠮᠧᠲᠷ ᠤᠨ | ᠤᠰᠤᠨ ᠵᠠᠮ ᠢ ᠨᠢᠭᠡ ᠯᠡ ᠤᠳᠠᠭ᠎ᠠ ᠠᠵᠢᠭ ᠦᠭᠡᠢ ᠳᠤᠭᠤᠯᠤᠨ ᠭᠠᠷᠳᠠᠭ ᠪᠦᠭᠡᠳ 5.5 ᠮᠧᠲᠷ ᠤᠨ ᠭᠦᠨ ᠤᠰᠤᠨ | ᠢᠷᠤᠭᠠᠷ ᠠᠴᠠ ᠤᠷᠭᠤᠮᠠᠯ ᠱᠦᠬᠦᠵᠦ ᠢᠳᠡᠳᠡᠭ᠃ ᠬᠠᠭᠤᠷᠠᠢ ᠳᠤ ᠨᠡᠩ ᠴᠤ ᠬᠤᠷᠳᠦᠨ ᠭᠠᠪᠰᠢᠭᠠᠢ᠃ ᠬᠦᠵᠦᠬᠦᠦ | ᠰᠤᠩᠭᠠᠨ ᠳᠡᠭᠡᠭᠰᠢ ᠦᠨᠳᠡᠶᠢᠵᠦ ᠦᠨᠳᠦᠷ ᠰᠠᠯᠠᠭᠠᠨ ᠠᠴᠠ ᠨᠢᠯᠵᠠᠷᠠᠢ ᠨᠠᠪᠴᠢ ᠠᠪᠴᠤ ᠢᠳᠡᠨ᠎ᠡ᠃ ᠬᠦᠶᠦᠬᠦ ᠳᠤ | ᠬᠦᠷᠪᠡᠯ 55 ᠺᠢᠯᠤᠮᠧᠲᠷ ᠤᠨ ᠬᠤᠷᠳᠤ ᠠᠪᠤᠨ᠎ᠠ᠃ | | | |