ᠬᠠᠯᠢᠭᠤᠨ ᠪᠤᠭᠤ 
ᠨᠡᠶᠢᠲᠡᠯᠡᠭᠰᠡᠨ ᠴᠠᠭ᠄
2022/5/10
     ᠪᠤᠭᠤ ᠨᠢ ᠠᠮᠢᠲᠠᠨ ᠤ ᠰᠤᠳᠤᠯᠤᠯ ᠳᠡᠭᠡᠷ᠎ᠡ ᠬᠦᠬᠦᠳᠡᠨ ᠤ ᠠᠩᠭᠢ᠂ ᠰᠠᠯᠠᠭ᠎ᠠ ᠲᠤᠭᠤᠷᠠᠶᠢᠲᠠᠨ ᠤ ᠪᠠᠭ᠃ ᠪᠤᠭᠤ ᠶᠢᠨ ᠢᠵᠠᠭᠤᠷ ᠲᠤ ᠪᠠᠭᠲᠠᠨ᠎ᠠ᠃ ᠲᠦᠷᠦᠯ ᠨᠢ ᠲᠠᠪᠢᠭᠠᠳ ᠵᠦᠢᠯ ᠳᠤ ᠬᠦᠷᠴᠤ ᠲᠠᠷᠬᠠᠯᠲᠠ ᠨᠢ ᠦᠷᠭᠡᠨ᠃      ᠬᠠᠯᠢᠭᠤᠨ ᠪᠤᠭᠤ ᠶᠢ ᠪᠠᠰᠠ ᠲᠤᠷᠤᠭ ᠪᠤᠭᠤ ᠭᠡᠳᠡᠭ᠃ ᠲᠤᠷᠤᠭ ᠪᠤᠭᠤ ᠭᠡᠳᠡᠭ  ᠎ ᠨᠢ ᠬᠠᠯᠢᠭᠤᠨ ᠪᠤᠭᠤ ᠶᠢᠨ ᠲᠤᠳᠤᠷᠠᠬᠢ ᠡᠷ᠎ᠡ ᠪᠤᠭᠤ ᠶᠢ ᠵᠢᠭᠠᠳᠠᠭ ᠶᠤᠮ᠃ ᠬᠠᠯᠢᠭᠤᠨ ᠪᠤᠭᠤ ᠨᠢ ᠬᠠᠯᠢᠭᠤᠨ ᠵᠢᠰᠦᠮ ᠤᠨ ᠪᠤᠯᠪᠠᠴᠤ ᠴᠠᠭ ᠤᠯᠠᠷᠢᠯ ᠤᠨ ᠪᠠᠶᠢᠳᠠᠯ ᠢᠶᠠᠷ ᠤᠯᠠᠭᠠᠪᠳᠤᠷ᠂ ᠬᠦᠷᠡᠪᠲᠦᠷ᠂ ᠴᠠᠶᠢᠪᠤᠷ᠂ ᠬᠦᠬᠡᠪᠳᠦᠷ ᠪᠤᠯᠵᠦ ᠦᠩᠭᠡ ᠰᠤᠯᠢᠳᠠᠭ᠃ ᠮᠠᠨ ᠤ ᠤᠷᠤᠨ  ᠤ ᠲᠤᠭᠤᠷᠠᠶᠢᠳᠠᠨ ᠤ ᠲᠤᠳᠤᠷ᠎ᠠ ᠬᠠᠨᠳᠠᠭᠠᠢ ᠶᠢᠨ ᠳᠠᠷᠠᠭ᠎ᠠ ᠤᠷᠤᠳᠠᠭ᠃ ᠬᠠᠯᠢᠭᠤᠨ ᠪᠤᠭᠤ ᠶᠢᠨ ᠪᠡᠶ᠎ᠡ ᠶᠢᠨ ᠤᠷᠳᠦ ᠨᠢ 130—140 ᠰᠠᠨᠲ᠋ᠢᠮᠧᠲᠷ᠂ ᠦᠨᠳᠦᠷ ᠨᠢ ᠰᠡᠷᠪᠡᠭᠡ ᠪᠠᠷ ᠢᠶᠠᠨ 115—155 ᠰᠠᠨᠲ᠋ᠢᠮᠧᠲᠷ᠂ ᠬᠦᠨᠳᠦ ᠨᠢ 350 ᠺᠢᠯᠤᠭ᠍ᠷᠠᠮ ᠬᠦᠷᠦᠨ᠎ᠡ᠃ ᠪᠡᠶ᠎ᠡ ᠬᠦᠢᠴᠡᠭᠰᠡᠨ ᠡᠷ᠎ᠡ ᠪᠤᠭᠤ ᠨᠢᠭᠡ ᠲᠠᠯ᠎ᠠ ᠳᠠᠭᠠᠨ 5—6 ︵ᠵᠠᠷᠢᠮ ᠨᠢ 7—9︶ ᠰᠠᠯᠠᠭ᠎ᠠ ᠪᠦᠬᠦᠢ ᠬᠤᠤᠰ ᠡᠪᠡᠷ ᠲᠠᠢ᠂ ᠬᠤᠤᠰ ᠡᠪᠡᠷ ᠤᠨ ᠬᠦᠨᠳᠦ ᠨᠢ 3—7 ᠺᠢᠯᠤᠭ᠍ᠷᠠᠮ ᠪᠠᠶᠢᠨ᠎ᠠ᠃      ᠪᠡᠶ᠎ᠡ ᠬᠦᠢᠴᠡᠭᠰᠡᠨ ᠪᠤᠭᠤ ᠶᠢᠨ ᠡᠷ᠎ᠡ ᠶᠢ ᠲᠠᠶᠢᠷ ︵ᠳ᠋ᠠᠶᠢᠷ︶᠂ ᠲᠤᠷᠤᠭ᠂ ᠡᠮ᠎ᠡ ᠶᠢ ᠰᠤᠭᠤ᠂ ᠮᠠᠷᠠᠯ᠂ ᠨᠢᠯᠬ᠎ᠠ ᠲᠤᠭᠤᠯ ᠢ ᠦᠷ᠎ᠡ ᠪᠤᠶᠤ ᠢᠯᠢ᠂ ᠨᠢᠭᠡ ᠨᠠᠰᠤᠳᠠᠢ ᠲᠤᠭᠤᠯ ᠢ ᠵᠤᠷᠭᠤᠯ᠂ ᠬᠤᠶᠠᠷ ᠨᠠᠰᠤᠳᠠᠢ ᠶᠢ ᠵᠢᠢ᠂ ᠭᠤᠷᠪᠠᠨ ᠨᠠᠰᠤᠳᠠᠢ ᠶᠢ ᠴᠦᠬᠦ᠂ ᠲᠦᠷᠪᠠᠨ ᠨᠠᠰᠤᠳᠠᠢ ᠶᠢ ᠲᠠᠶᠢᠷᠠᠭ ᠭᠡᠵᠦ ᠨᠡᠷᠡᠯᠡᠨ᠎ᠡ᠃      ᠬᠠᠯᠢᠭᠤᠨ ᠪᠤᠭᠤ ᠤᠤᠯ ᠨᠢ ᠮᠤᠩᠭᠤᠯ ᠤᠷᠤᠨ ᠳᠤ ᠡᠩ ᠨᠡᠶᠢᠳᠠᠮ ᠪᠠᠶᠢᠭᠰᠠᠨ ᠪᠤᠯᠪᠠᠴᠤ ᠡᠳᠦᠬᠡ ᠶᠡᠭᠡ ᠬᠤᠪᠤᠷᠳᠠᠵᠤ ᠵᠦᠪᠬᠡᠨ ᠶᠡᠭᠡ ᠬᠢᠩᠭᠠᠨ ᠳᠠᠪᠠᠭ᠎ᠠ᠂ ᠠᠯᠠᠱᠠ ᠠᠭᠤᠯᠠ ᠬᠢᠭᠡᠳ ᠲᠡᠳᠡᠭᠡᠷ ᠤᠨ ᠵᠠᠷᠢᠮ ᠰᠠᠯᠪᠤᠷᠢ ᠪᠤᠯᠬᠤ ᠪᠡᠷᠬᠡ ᠪᠠᠷᠲᠠᠭᠠᠳᠤ ᠠᠭᠤᠯᠠᠨ ᠳᠤ ᠬᠠᠷᠠᠭᠳᠠᠨ᠎ᠠ᠃      ᠤᠯᠠᠷᠢᠯ ᠢ ᠲᠠᠭᠠᠵᠤ ᠪᠠᠶᠢᠷᠢᠰᠢᠯ ᠢ ᠰᠤᠯᠢᠬᠤ ᠪᠠ ᠢᠳᠡᠰᠢ ᠰᠤᠩᠭᠤᠨ᠎ᠠ᠃ ᠡᠪᠤᠯ ᠳᠡᠭᠡᠨ ᠨᠡᠷᠡᠨ ᠤ ᠡᠭᠡᠪᠤᠷ ᠢᠶᠠᠷ ᠶᠠᠪᠤᠳᠠᠭ᠃ ᠲᠡᠭᠷᠢ ᠭᠡᠭᠡᠷᠡᠬᠦ ᠶᠢᠨ ᠡᠮᠦᠨ᠎ᠡ ᠪᠤᠶᠤ ᠰᠢᠷ᠎ᠠ ᠪᠦᠷᠦᠢ ᠪᠠᠷ ᠭᠤᠷᠪᠠ ᠲᠠᠪᠤ ᠪᠠᠷ ᠰᠦᠷᠦᠭᠯᠡᠵᠦ ᠂ ᠬᠠᠲᠠᠭᠰᠠᠨ ᠡᠪᠡᠰᠦ ᠪᠤᠶᠤ ᠬᠤᠰᠤᠨ ᠰᠠᠮᠤᠷ᠂ ᠪᠤᠷᠭᠠᠰᠤᠨ ᠨᠠᠶᠢᠯᠵᠠᠭᠤᠷ ᠢᠳᠡᠨ᠎ᠡ᠃ ᠵᠤᠨ ᠳᠠᠭᠠᠨ ᠠᠭᠤᠯᠠᠨ ᠬᠦᠲᠦᠯ ᠤᠨ ᠤᠢ ᠳᠤ ᠤᠷᠤᠩᠨᠠᠬᠤ ᠪᠦᠭᠡᠳ ᠭᠤᠤᠯ ᠳᠤ ᠤᠴᠢᠵᠦ ᠤᠮᠪᠠᠨ ᠰᠡᠷᠢᠭᠦᠴᠡᠳᠡᠭ᠃
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠢ ᠰᠢᠭᠤᠢ ᠪᠠ ᠨᠤᠳᠤᠭ ᠪᠡᠯᠴᠢᠭᠡᠷ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号