ᠤᠯᠢᠶᠠᠰᠤᠨ ᠤ ᠲᠦᠷᠦᠯ
ᠨᠡᠶᠢᠲᠡᠯᠡᠭᠰᠡᠨ ᠴᠠᠭ᠄
2022/5/11
     ᠨᠠᠪᠴᠢ ᠵᠤᠯᠭᠠᠷᠠᠬᠤ ᠲᠤᠷᠤᠭ ᠮᠤᠳᠤ᠂ ᠲᠤᠤᠷᠠᠢ ᠤᠯᠢᠶᠠᠰᠤ ᠠᠴᠠ ᠪᠤᠰᠤᠳ ᠨᠢ ᠪᠦᠷ ᠤᠷᠤᠢ ᠶᠢᠨ ᠨᠠᠬᠢᠶ᠎ᠠ ᠶᠢᠨ ᠬᠠᠶᠢᠷᠰᠤᠯᠢᠭ ᠨᠢ ᠤᠯᠠᠨ᠃ ᠨᠠᠪᠴᠢ ᠨᠢ ᠨᠡᠯᠢᠶᠠᠳ ᠦᠷᠭᠡᠨ᠂ ᠪᠠᠷᠢᠭᠤᠯ ᠨᠢ ᠤᠷᠳᠤ᠃ ᠤᠨᠵᠢᠬᠢᠷ ᠪᠠᠭ᠎ᠠ ᠴᠡᠴᠡᠭ ᠲᠠᠢ᠂ ᠪᠠᠭᠯᠠᠭᠴᠢ ᠶᠢᠨ ᠬᠦᠪᠡᠭᠡ ᠨᠢ ᠤᠯᠠᠨ ᠨᠠᠷᠢᠨ ᠬᠡᠷᠴᠢᠶᠡᠰᠦ ᠲᠠᠢ᠂ ᠪᠠᠭᠯᠠᠭᠴᠢ ᠪᠦᠷᠢ ᠳᠤ ᠨᠢ ᠨᠢᠭᠡ ᠴᠡᠴᠡᠭ ᠪᠠᠶᠢᠬᠤ ᠪᠠ ᠴᠡᠴᠡᠭ ᠤᠨ ᠤᠭ ᠲᠤᠨᠢ ᠨᠢᠭᠡ ᠬᠤᠨᠳᠠᠭᠠᠨ ᠬᠡᠯᠪᠡᠷᠢᠲᠦ ᠴᠡᠴᠡᠭ ᠤᠨ ᠲᠠᠪᠠᠭ ᠲᠠᠢ᠃ ᠡᠷ᠎ᠡ ᠲᠤᠭᠤᠷᠴᠠᠭ ᠨᠢ 3 ᠪᠤᠶᠤ ᠡᠭᠦᠨ ᠠᠴᠠ ᠤᠯᠠᠨ ᠪᠠᠶᠢᠵᠤ᠂ ᠲᠤᠭᠤᠰᠤᠪᠴᠢ ᠨᠢ ᠤᠯᠠᠪᠤᠷ ᠦᠩᠭᠡᠳᠡᠢ᠂ ᠬᠠᠶᠠ ᠵᠠᠷᠢᠮ ᠨᠢ ᠰᠢᠷᠠᠪᠲᠤᠷ᠂ ᠲᠤᠬᠢᠭᠤᠷ ᠨᠢ ᠰᠠᠯᠤᠩᠬᠢ᠂ ᠴᠡᠴᠡᠭ ᠤᠨ ᠪᠠᠭᠠᠨ᠎ᠠ ᠨᠢ ᠣᠬᠤᠷ᠃ ᠬᠤᠩᠭᠤᠷᠴᠤᠭᠲᠤ ᠵᠢᠮᠢᠰ ᠎ ᠨᠢ 2—4 ᠬᠠᠭᠠᠷᠠᠯ ᠲᠠᠢ᠃ ᠲᠤᠰ ᠲᠦᠷᠦᠯ ᠨᠢ 100 ᠭᠠᠷᠤᠢ ᠲᠦᠷᠰᠦ ᠲᠠᠢ᠃ ᠮᠠᠨ ᠤ ᠤᠯᠤᠰ ᠲᠤ 50 ᠭᠠᠷᠤᠢ ᠲᠦᠷᠰᠦ ᠶᠢᠨ ᠤᠷᠭᠤᠮᠠᠯ ᠪᠠᠶᠢᠨ᠎ᠠ᠃ ᠡᠯᠡᠰᠦᠷᠬᠡᠭ ᠭᠠᠵᠠᠷ ᠤᠷᠤᠨ ᠢᠶᠠᠷ ᠦᠷᠬᠦᠯᠵᠢ ᠲᠤᠬᠢᠶᠠᠯᠳᠤᠬᠤ ᠨᠢ 14 ᠢᠯᠡᠬᠦᠦ ᠲᠦᠷᠰᠦ ᠪᠤᠢ᠃
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠢ ᠰᠢᠭᠤᠢ ᠪᠠ ᠨᠤᠳᠤᠭ ᠪᠡᠯᠴᠢᠭᠡᠷ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号