ᠲᠤᠰ ᠲᠦᠷᠦᠯ ᠳᠤ 15 ᠵᠦᠢᠯ ᠤᠨ ᠤᠷᠭᠤᠮᠠᠯ ᠪᠠᠭᠲᠠᠨ᠎ᠠ᠃ ᠡᠬᠦᠨ ᠤ ᠲᠤᠳᠤᠷ᠎ᠠ ᠠᠴᠠ ᠮᠠᠨ ᠤ ᠤᠯᠤᠰ ᠤᠨ | ᠵᠠᠷᠢᠮ ᠭᠠᠵᠠᠷ ᠪᠤᠯᠤᠨ ᠮᠠᠨ ᠤ ᠤᠷᠤᠨ ᠳᠤ ᠨᠢᠭᠡ ᠵᠦᠢᠯ ᠪᠠᠶᠢᠨ᠎ᠠ᠃ | 【ᠡᠰᠢ】 ᠨᠠᠪᠴᠢ ᠵᠤᠯᠭᠠᠷᠠᠬᠤ ᠪᠤᠲᠠ ᠮᠤᠳᠤ | 【ᠨᠠᠪᠴᠢ】 ᠨᠠᠪᠴᠢ ᠨᠢ ᠰᠤᠨᠳᠤᠭᠤᠢ ᠦᠳᠦᠯᠢᠭ ᠨᠡᠶᠢᠯᠡᠮᠡᠯ ᠨᠠᠪᠴᠢ᠂ ᠵᠢᠵᠢᠭ ᠨᠠᠪᠴᠢ ᠨᠢ ᠨᠡᠯᠢᠶᠠᠳ ᠪᠠᠭ᠎ᠠ | ᠂ ᠪᠦᠲᠦᠨ ᠬᠦᠪᠡᠭᠡ ᠲᠠᠢ᠃ ᠲᠤᠰᠬᠤᠭᠤᠷ ᠨᠠᠪᠴᠢ ᠨᠢ ᠰᠠᠪᠠᠭ᠎ᠠ ᠬᠡᠯᠪᠡᠷᠢᠳᠠᠢ᠂ ᠡᠷᠲᠡ ᠤᠨᠠᠳᠠᠭ᠃ | 【ᠴᠡᠴᠡᠭ】 ᠴᠡᠴᠡᠭ ᠨᠢ ᠵᠢᠵᠢᠭ᠂ ᠭᠦᠬᠡ ᠬᠦᠷᠢᠨ ᠦᠩᠭᠡᠳᠡᠢ᠂ ᠪᠠᠭᠰᠢᠷᠠᠨ ᠤᠷᠭᠤᠵᠤ᠂ ᠤᠷᠤᠢ ᠳᠤ | ᠤᠷᠭᠤᠬᠤ ᠱᠤᠷᠤᠯᠵᠢᠨ ᠬᠡᠯᠪᠡᠷᠢᠲᠦ ᠴᠠᠴᠤᠭ ᠬᠡᠯᠪᠡᠷᠢᠲᠦ ᠪᠠᠭ ᠴᠡᠴᠡᠭ ᠢ ᠪᠦᠷᠢᠯᠳᠦᠬᠦᠯᠳᠡᠭ᠃ ᠴᠡᠴᠡᠭ ᠤᠨ | ᠲᠤᠭᠳᠤᠢ ᠨᠢ ᠬᠤᠩᠬᠤ ᠬᠡᠯᠪᠡᠷᠢᠳᠠᠢ᠂ 5 ᠠᠳᠠᠯᠢ ᠪᠤᠶᠤ ᠠᠳᠠᠯᠢ ᠪᠤᠰᠤ ᠰᠢᠲᠦ ᠲᠠᠢ᠂ ᠤᠯᠠᠩᠬᠢ ᠨᠢ | ᠪᠤᠯᠴᠢᠷᠬᠠᠢ ᠶᠢᠨ ᠲᠤᠯᠪᠤ ᠲᠠᠢ᠃ ᠳᠠᠯᠪᠠᠭ᠎ᠠ ᠬᠡᠯᠲᠡᠰ ᠲᠠᠢ᠂ ᠰᠡᠯᠢᠭᠦᠷ ᠬᠡᠯᠲᠡᠰ ᠪᠤᠯᠤᠨ ᠵᠠᠪᠢ ᠬᠡᠯᠲᠡᠰ ᠦᠭᠡᠢ᠃ | ᠡᠷ᠎ᠡ ᠲᠤᠭᠤᠷᠴᠠᠭ ᠨᠢ 10᠂ ᠬᠤᠶᠠᠷ ᠪᠦᠯᠦᠭ ᠪᠤᠯᠳᠠᠭ᠃ ᠤᠮᠠᠢ ᠨᠢ ᠪᠠᠷᠢᠭᠤᠯ ᠦᠭᠡᠢ᠂ ᠬᠤᠶᠠᠷ ᠦᠷ᠎ᠡ ᠨᠠᠬᠢᠶ᠎ᠠ | ᠲᠠᠢ᠃ | 【ᠦᠷ᠎ᠡ ᠵᠢᠮᠢᠰ】 ᠪᠤᠷᠴᠠᠭ ᠵᠢᠮᠢᠰ ᠨᠢ ᠤᠬᠤᠷ᠂ ᠤᠯᠠᠩᠬᠢ ᠨᠢ ᠨᠢᠭᠡ ᠮᠦᠬᠦᠯᠢᠭ ᠦᠷ᠎ᠡ ᠲᠠᠢ᠂ ᠠᠩᠭᠠᠶᠢᠬᠤ | ᠦᠭᠡᠢ᠂ ᠶᠡᠷᠦ ᠳᠡᠭᠡᠨ ᠪᠤᠯᠴᠢᠷᠬᠠᠢ ᠶᠢᠨ ᠲᠤᠯᠪᠤ ᠲᠠᠢ᠃ | | | |