ᠰᠢᠷ᠎ᠠ ᠯᠤᠤᠪᠠᠩ ᠤᠨ ᠰᠢᠮ᠎ᠡ ᠲᠡᠵᠢᠭᠡᠯ ᠤᠨ ᠪᠦᠷᠢᠯᠳᠦᠭᠦᠨ ᠪᠠ ᠡᠷᠡᠭᠦᠯ ᠮᠡᠨᠳᠦ ᠶᠢᠨ ᠠᠴᠢ ᠲᠤᠰᠠ
ᠨᠡᠶᠢᠲᠡᠯᠡᠭᠰᠡᠨ ᠴᠠᠭ᠄
2022/6/27

     ᠳᠤᠮᠳᠠ ᠵᠡᠷᠭᠡ ᠶᠢᠨ ᠶᠡᠭᠡ ᠪᠠᠭ᠎ᠠ ᠲᠠᠢ ᠰᠢᠷ᠎ᠠ ᠯᠤᠤᠪᠠᠩ ︵61 ᠭᠷᠡᠮ︶

     ᠺᠠᠯᠤᠷᠢ᠄ 25

     ᠥᠭᠡᠬᠦ᠄ 0g

     ᠨᠠᠲᠷᠢ᠄ 42 ᠮᠢᠯᠢᠭᠷᠡᠮ

     ᠨᠡᠭᠦᠷᠡᠰᠦ ᠤᠰᠤᠨ ᠤ ᠨᠢᠭᠡᠳᠪᠦᠷᠢ᠄ 6g

     ᠰᠢᠷᠬᠡᠭ᠄ 1.5g

     ᠰᠢᠬᠢᠷ᠄ 2.9g

     ᠤᠭᠤᠷᠠᠭ᠄ 0.5g

     ᠸᠢᠲ᠋ᠠᠮᠢᠨ A᠄ 509mcg

     ᠸᠢᠲ᠋ᠠᠮᠢᠨ K:8 ᠮᠢᠺᠷᠥᠭᠷᠠᠮ

     ᠨᠡᠭᠦᠷᠡᠰᠦ ᠤᠰᠤᠨ ᠤ ᠨᠢᠭᠡᠳᠪᠦᠷᠢ 128 ᠭᠷᠡᠮ

     ᠬᠡᠷᠴᠢᠭᠰᠡᠨ ᠲᠦᠭᠦᠬᠡᠢ ᠰᠢᠷ᠎ᠠ ᠯᠤᠤᠪᠠᠩ ᠳᠤ 12.3 ᠭᠷᠡᠮ ᠨᠡᠭᠦᠷᠡᠰᠦ ᠤᠰᠤᠨ ᠤ ᠨᠢᠭᠡᠳᠪᠦᠷᠢ᠂ 3. 6

ᠭᠷᠡᠮ ᠰᠢᠷᠬᠡᠭ ᠪᠠ 6.1 ᠭᠷᠡᠮ ᠪᠠᠶᠢᠭᠠᠯᠢ ᠶᠢᠨ ᠰᠢᠬᠢᠷ ᠠᠭᠤᠯᠤᠭᠳᠠᠵᠤ ᠪᠠᠶᠢᠳᠠᠭ᠃ 1 ᠰᠢᠷ᠎ᠠ ᠯᠤᠤᠪᠠᠩ ᠢ

ᠴᠢᠨᠠᠬᠤ ᠳᠤ ᠴᠢᠰᠤᠨ ᠰᠢᠬᠢᠷ ᠤᠨ ᠵᠢᠭᠠᠯᠲᠠ ᠲᠤᠭ᠎ᠠ ᠮᠠᠰᠢ ᠳᠣᠣᠷ᠎ᠠ᠂ 35᠎ ᠠᠴᠠ 43.2 ᠬᠦᠷᠲᠡᠯ᠎ᠡ ᠠᠳᠠᠯᠢ ᠦᠭᠡᠢ

     ᠥᠭᠡᠬᠦ

     ᠰᠢᠷ᠎ᠠ ᠯᠤᠤᠪᠠᠩ ᠤᠨ ᠥᠭᠡᠬᠦ ᠶᠢᠨ ᠠᠭᠤᠯᠤᠭᠳᠠᠴᠠ ᠬᠠᠮᠤᠭ ᠪᠠᠭ᠎ᠠ ︵ᠨᠢᠭᠡ ᠳᠤᠮᠳᠠ ᠵᠡᠷᠭᠡ ᠶᠢᠨ ᠰᠢᠷ᠎ᠠ

ᠯᠤᠤᠪᠠᠩ ᠪᠠᠷᠤᠭ 0 ᠭᠷᠡᠮ᠂ 128 ᠭᠷᠡᠮ ᠬᠡᠷᠴᠢᠭᠰᠡᠨ ᠰᠢᠷ᠎ᠠ ᠯᠤᠤᠪᠠᠩ ᠵᠥᠪᠬᠡᠨ 0.3 ᠭᠷᠡᠮ︶᠂ ᠡᠭᠦᠨ ᠤ

ᠳᠣᠲᠣᠷᠠᠬᠢ ᠣᠯᠠᠩᠬᠢ  ᠨᠢ ᠪᠦᠷ ᠬᠠᠨᠤᠮᠠᠯ ᠪᠤᠰᠤ ᠪᠠᠶᠢᠳᠠᠭ᠃

     ᠤᠭᠤᠷᠠᠭ

     ᠰᠢᠷ᠎ᠠ ᠯᠤᠤᠪᠠᠩ ᠤᠨ ᠤᠭᠤᠷᠠᠭ ᠤᠨ ᠠᠭᠤᠯᠤᠭᠳᠠᠴᠠ ᠣᠨᠴᠠᠭᠠᠶ ᠥᠨᠳᠥᠷ ᠪᠢᠰᠢ᠃ 128 ᠭᠷᠡᠮ ᠰᠢᠷ᠎ᠠ

ᠯᠤᠤᠪᠠᠩ ᠵᠥᠪᠬᠡᠨ 1.2 ᠭᠷᠡᠮ ᠤᠭᠤᠷᠠᠭ ᠠᠭᠤᠯᠤᠭᠳᠠᠳᠠᠭ᠃

     ᠸᠢᠲ᠋ᠠᠮᠢᠨ ᠪᠣᠯᠣᠨ ᠡᠷᠦᠳᠡᠰᠦ ᠪᠣᠳᠠᠰ

     ᠰᠢᠷ᠎ᠠ ᠯᠤᠤᠪᠠᠩ ᠪᠣᠯ ᠸᠢᠲ᠋ᠠᠮᠢᠨ A᠎ ᠶᠢᠨ ᠬᠠᠮᠤᠭ ᠤᠨ ᠰᠠᠶᠢᠨ ᠢᠷᠡᠯᠲᠡ ᠪᠣᠯᠬᠤ ᠶᠤᠮ᠂ ᠣᠨᠴᠠᠭᠠᠶᠢᠯᠠᠨ β

ᠰᠢᠷ᠎ᠠ ᠯᠤᠤᠪᠠᠩ ᠤᠨ ᠡᠳ᠋ ᠪᠣᠯ ᠲᠡᠭᠦᠨ ᠤ ᠤᠯᠠᠪᠤᠷ ᠥᠩᠭᠡ ᠶᠢᠨ ᠰᠢᠯᠲᠠᠭᠠᠨ ᠪᠣᠯᠣᠨ᠎ᠠ᠃ ᠰᠢᠷ᠎ᠠ ᠯᠤᠤᠪᠠᠩ ᠳᠤ

ᠪᠠᠰᠠ ᠺᠠᠯᠢ᠂ ᠺᠠᠯᠼ᠂ ᠮᠠᠭᠨᠢ᠂ ᠹᠣᠰᠹᠣᠷ᠂ ᠨᠠᠪᠴᠢᠨ ᠬᠦᠴᠢᠯ᠂ ᠸᠢᠲ᠋ᠠᠮᠢᠨ E ᠪᠣᠯᠣᠨ ᠸᠢᠲ᠋ᠠᠮᠢᠨ K᠎ ᠢ ᠬᠠᠩᠭᠠᠳᠠᠭ᠃

     ᠺᠠᠯᠤᠷᠢ

     61 ᠭᠷᠡᠮ ᠰᠢᠷ᠎ᠠ ᠯᠣᠣᠪᠠᠩ ᠨᠢ 25 ᠺᠠᠯᠤᠷᠢ ᠢᠯᠴᠢ ᠶᠢᠨ ᠬᠡᠮᠵᠢᠶ᠎ᠡ ᠶᠢ ᠬᠠᠩᠭᠠᠳᠠᠭ᠂ ᠡᠭᠦᠨ ᠳᠤ

86%᠎ ᠨᠢ ᠨᠡᠭᠦᠷᠡᠰᠦ ᠤᠰᠤᠨ ᠤ ᠨᠢᠭᠡᠳᠪᠦᠷᠢ ᠠᠴᠠ ᠢᠷᠡᠳᠡᠭ᠂ 9%᠎ ᠨᠢ ᠤᠭᠤᠷᠠᠭ ᠠᠴᠠ ᠢᠷᠡᠳᠡᠭ᠂ 5%᠎ ᠨᠢ

ᠥᠭᠡᠬᠦ ᠠᠴᠠ ᠢᠷᠡᠳᠡᠭ᠃

     ᠬᠤᠷᠢᠶᠠᠩᠭᠤᠶᠢᠯᠠᠪᠠᠯ ᠰᠢᠷ᠎ᠠ ᠯᠤᠤᠪᠠᠩ ᠪᠣᠯ ᠨᠡᠭᠦᠷᠡᠰᠦ ᠤᠰᠤᠨ ᠤ ᠨᠢᠭᠡᠳᠪᠦᠷᠢ ᠪᠣᠯᠣᠨ ᠰᠢᠷᠬᠡᠭᠯᠢᠭ ᠤᠨ

ᠡᠷᠡᠭᠦᠯ ᠮᠡᠨᠳᠦ ᠶᠢᠨ ᠢᠷᠡᠯᠲᠡ ᠮᠥᠨ᠂ ᠡᠭᠦᠨ ᠤ ᠬᠠᠮᠲᠤ ᠥᠭᠡᠬᠦ᠂ ᠤᠭᠤᠷᠠᠭ ᠪᠣᠯᠣᠨ ᠨᠠᠳ᠋ᠷᠢ ᠶᠢᠨ ᠠᠭᠤᠯᠤᠭᠳᠠᠴᠠ

ᠳᠣᠣᠷ᠎ᠠ ᠪᠠᠶᠢᠳᠠᠭ᠃ ᠰᠢᠷ᠎ᠠ ᠯᠤᠤᠪᠠᠩ ᠳᠤ ᠸᠢᠲ᠋ᠠᠮᠢᠨ A ᠡᠯᠪᠡᠭ ᠠᠭᠤᠯᠤᠭᠳᠠᠬᠤ ᠶᠢᠨ ᠬᠠᠮᠲᠤ ᠶᠡᠭᠡ ᠬᠡᠮᠵᠢᠶᠡᠨ ᠤ

ᠪᠤᠰᠤᠳ ᠰᠢᠮ᠎ᠡ ᠲᠡᠵᠢᠭᠡᠯ ᠤᠨ ᠡᠳ᠋ ᠠᠭᠤᠯᠤᠭᠳᠠᠵᠤ ᠪᠠᠶᠢᠳᠠᠭ᠂ ᠵᠢᠱᠢᠶᠡᠯᠡᠪᠡᠯ ᠸᠢᠲ᠋ᠠᠮᠢᠨ K᠂ ᠺᠠᠯᠢ᠂ ᠺᠠᠯᠼ᠂

ᠮᠠᠭᠨᠢ ᠪᠠ ᠨᠠᠪᠴᠢᠨ ᠤ ᠬᠦᠴᠢᠯ ᠵᠡᠷᠭᠡ᠃

     ᠡᠷᠡᠭᠦᠯ ᠮᠡᠨᠳᠦ ᠳᠤ ᠠᠰᠢᠭᠲᠠᠢ ᠲᠠᠯ᠎ᠠ

     ᠰᠢᠷ᠎ᠠ ᠯᠤᠤᠪᠠᠩ ᠤᠨ ᠡᠷᠡᠭᠦᠯ ᠮᠡᠨᠳᠦ ᠳᠤ ᠦᠵᠡᠭᠦᠯᠬᠦ ᠢᠳᠡᠪᠬᠢᠲᠡᠢ ᠨᠥᠯᠥᠭᠡ ᠨᠢ ᠭᠤᠣᠯᠳᠠᠭᠤ ᠲᠡᠭᠦᠨ ᠤ

ᠲᠥᠷᠥᠯ ᠤᠨ ᠰᠢᠷ᠎ᠠ ᠯᠤᠤᠪᠠᠩ ᠤᠨ ᠡᠳ᠋ ᠤᠨ ᠠᠭᠤᠯᠤᠭᠳᠠᠴᠠ ︵ᠸᠢᠲ᠋ᠠᠮᠢᠨ A︶᠎ ᠠᠴᠠ ᠪᠣᠯᠤᠭᠰᠠᠨ ᠶᠤᠮ᠃ ᠰᠢᠷ᠎ᠠ

ᠯᠤᠤᠪᠠᠩ ᠨᠢ ᠪᠠᠰᠠ ᠨᠡᠯᠢᠶᠡᠳ ᠬᠡᠮᠵᠢᠶᠡᠨ ᠤ ᠰᠢᠷᠬᠡᠭᠯᠢᠭ ᠢ ᠬᠠᠩᠭᠠᠵᠤ᠂ ᠲᠡᠭᠦᠨ ᠤ ᠥᠪᠡᠷ ᠤᠨ ᠬᠢᠨᠢ ᠮᠠᠰᠢ ᠣᠯᠠᠨ

ᠰᠠᠶᠢᠨ ᠲᠠᠯ᠎ᠠ ᠶᠢ ᠬᠠᠩᠭᠠᠵᠤ ᠪᠠᠶᠢᠨ᠎ᠠ᠃

     ᠵᠢᠷᠦᠬᠡ ᠴᠢᠰᠤᠨ ᠰᠤᠳᠠᠯ ᠤᠨ ᠡᠷᠡᠭᠦᠯ ᠮᠡᠨᠳᠦ ᠶᠢ ᠳᠡᠮᠵᠢᠬᠦ

     ᠰᠢᠷ᠎ᠠ ᠯᠤᠤᠪᠠᠩ ᠳᠤ ᠬᠡᠳᠦᠨ ᠵᠦᠢᠯ ᠤᠨ ᠢᠰᠦᠯᠳᠦᠬᠦ ᠶᠢ ᠡᠰᠡᠷᠭᠦᠴᠡᠬᠦ ᠪᠠ ᠦᠷᠪᠢᠰᠦᠯ ᠢ ᠡᠰᠡᠷᠭᠦᠴᠡᠬᠦ

ᠦᠢᠯᠡᠳᠦᠯ ᠲᠠᠢ ᠤᠷᠭᠤᠮᠠᠯ ᠤᠨ ᠬᠢᠮᠢ ᠶᠢᠨ ᠪᠣᠳᠠᠰ ᠠᠭᠤᠯᠵᠤ᠂ ᠵᠢᠷᠦᠬᠡᠨ ᠡᠪᠡᠳᠴᠢᠨ ᠳᠤ ᠨᠡᠷᠪᠡᠭᠳᠡᠬᠦ

ᠲᠦᠭᠰᠢᠭᠦᠷᠢ ᠶᠢ ᠪᠠᠭᠠᠰᠬᠠᠬᠤ ᠳᠤ ᠲᠤᠰᠠᠲᠠᠢ᠃ ᠰᠢᠷ᠎ᠠ ᠯᠤᠤᠪᠠᠩ ᠤᠨ ᠳᠣᠲᠣᠷᠠᠬᠢ ᠣᠯᠠᠨᠴᠢ ᠹᠧᠨᠤᠯ ᠨᠢ ᠰᠥᠰᠥᠨ ᠤ

ᠰᠢᠩᠭᠡᠨ ᠤ ᠰᠢᠭᠦᠷᠡᠯᠲᠡ ᠶᠢ ᠨᠡᠮᠡᠭᠳᠡᠭᠦᠯᠬᠦ ᠶᠢᠨ ᠤᠯᠠᠮ ᠠᠴᠠ ᠰᠥᠰᠥᠨ ᠤ ᠴᠢᠯᠠᠭᠤᠯᠢᠭ ᠠᠯᠺᠣᠣᠯ ᠪᠣᠯᠣᠨ

ᠭᠯᠢᠽᠥᠷᠢᠨᠲᠦ ᠭᠤᠷᠪᠠᠴᠢ ᠡᠰᠲ᠋ᠥᠷ ᠤᠨ ᠬᠡᠮᠵᠢᠶ᠎ᠡ ᠶᠢ ᠪᠠᠭᠤᠷᠠᠭᠤᠯᠬᠤ ᠶᠢ ᠨᠢᠭᠡᠨᠲᠡ ᠭᠡᠷᠡᠴᠢᠯᠡᠭᠰᠡᠨ ᠪᠠᠶᠢᠨ᠎ᠠ᠃ ᠰᠢᠷ᠎ᠠ

ᠯᠤᠤᠪᠠᠩ ᠤᠨ ᠳᠣᠲᠣᠷᠠᠬᠢ ᠰᠢᠷᠬᠡᠭ ᠨᠢ ᠪᠠᠰᠠ ᠰᠥᠰᠥᠨ ᠤ ᠭᠤᠨᠠᠨ ᠠᠯᠺᠣᠣᠯ ᠢ ᠪᠠᠭᠤᠷᠠᠭᠤᠯᠬᠤ ᠳᠤ ᠲᠤᠰᠠᠲᠠᠢ᠃

ᠡᠭᠦᠨ ᠠᠴᠠ ᠭᠠᠳᠠᠨ᠎ᠠ᠂ 9%᠎ ᠶᠢᠨ ᠺᠠᠯᠢ ᠠᠭᠤᠯᠤᠭᠳᠠᠳᠠᠭ᠃ ᠺᠠᠯᠢ ᠨᠢ ᠴᠢᠰᠤᠨ ᠳᠠᠷᠤᠯᠲᠠ ᠶᠢᠨ ᠬᠡᠮᠵᠢᠶ᠎ᠡ ᠶᠢ

ᠳᠣᠷᠣᠭᠰᠢᠯᠠᠭᠤᠯᠤᠨ᠎ᠠ᠃

     ᠬᠠᠷᠠᠭ᠎ᠠ ᠬᠠᠮᠠᠭᠠᠯᠠᠬᠤ

     ᠰᠢᠷ᠎ᠠ ᠯᠤᠤᠪᠠᠩ ᠪᠣᠯ ᠸᠢᠲ᠋ᠠᠮᠢᠨ A᠎ ᠶᠢᠨ ᠬᠠᠮᠤᠭ ᠤᠨ ᠰᠠᠶᠢᠨ ᠢᠷᠡᠯᠲᠡ ᠮᠥᠨ᠂ ᠡᠭᠦᠨ ᠳᠤ ᠰᠢᠷ᠎ᠠ

ᠯᠤᠤᠪᠠᠩ ᠤᠨ ᠡᠳ᠋ ᠤᠨ ᠨᠠᠪᠴᠢᠨ ᠤ ᠰᠢᠷ᠎ᠠ ᠡᠳ᠋ ᠪᠠ ᠡᠷᠳᠡᠨᠢ ᠰᠢᠰᠢ ᠶᠢᠨ ᠰᠢᠷ᠎ᠠ ᠡᠳ᠋ ᠪᠠᠭᠲᠠᠨ᠎ᠠ᠃ ᠡᠳᠡᠭᠡᠷ

ᠨᠢᠭᠡᠳᠪᠦᠷᠢ ᠨᠢ ᠶᠡᠷᠦ ᠳᠡᠭᠡᠨ ᠨᠢᠳᠦᠨ ᠤ ᠲᠣᠣᠷᠯᠢᠭ ᠪᠦᠷᠬᠦᠪᠴᠢ ᠳᠤ ᠪᠥᠭᠡᠮᠨᠡᠷᠡᠳᠡᠭ ᠤᠴᠢᠷ ᠠᠴᠠ ᠨᠠᠰᠤ ᠵᠢᠯ ᠲᠠᠢ

ᠬᠤᠯᠪᠣᠭᠳᠠᠬᠤ ᠰᠢᠷ᠎ᠠ ᠲᠣᠯᠪᠤ ᠶᠢᠨ ᠴᠢᠨᠠᠷ ᠬᠤᠪᠢᠷᠠᠬᠤ ᠶᠢ ᠰᠡᠷᠭᠡᠶᠢᠯᠡᠬᠦ ᠳᠤ ᠣᠨᠴᠠ ᠲᠤᠰᠠᠲᠠᠢ ᠪᠠᠶᠢᠳᠠᠭ᠃ ᠰᠢᠷ᠎ᠠ

ᠯᠤᠤᠪᠠᠩ ᠪᠠ ᠪᠤᠰᠤᠳ ᠤᠯᠠᠪᠤᠷ ᠥᠩᠭᠡᠲᠡᠢ ᠨᠣᠭᠤᠭ᠎ᠠ ᠶᠢ ᠦᠷᠭᠦᠯᠵᠢ ᠢᠳᠡᠬᠦ ᠨᠢ ᠨᠢᠳᠦᠨ ᠤ ᠬᠥᠭᠰᠢᠷᠡᠯ ᠪᠠ

ᠣᠷᠴᠢᠨ ᠲᠣᠭᠤᠷᠢᠨ ᠤ ᠡᠪᠳᠡᠯᠡᠭᠡ ᠳᠤ ᠨᠥᠯᠥᠭᠡᠯᠡᠭᠳᠡᠬᠦ ᠶᠢ ᠰᠡᠷᠭᠡᠶᠢᠯᠡᠬᠦ ᠰᠠᠶᠢᠨ ᠠᠷᠭ᠎ᠠ ᠪᠣᠯᠣᠨ᠎ᠠ᠃

     ᠰᠢᠳᠦᠨ ᠤ ᠡᠷᠡᠭᠦᠯ ᠴᠢᠭᠢᠷᠠᠭ ᠢ ᠰᠠᠶᠢᠵᠢᠷᠠᠭᠤᠯᠬᠤ

     ᠰᠤᠳᠤᠯᠭᠠᠨ ᠠᠴᠠ ᠦᠵᠡᠪᠡᠯ᠂ ᠰᠢᠷ᠎ᠠ ᠯᠤᠤᠪᠠᠩ ᠪᠣᠯᠣᠨ ᠪᠤᠰᠤᠳ ᠢᠳᠡᠰᠢᠨ ᠨᠣᠭᠤᠭ᠎ᠠ ︵ᠳᠠᠪᠤᠰᠤᠯᠠᠭᠰᠠᠨ

ᠨᠣᠭᠤᠭᠠᠨ ᠨᠠᠪᠴᠢᠲᠤ ᠢᠳᠡᠰᠢᠨ ᠨᠣᠭᠤᠭ᠎ᠠ᠂ ᠲᠦᠭᠦᠬᠡᠢ ᠨᠣᠭᠤᠭ᠎ᠠ / ᠪᠥᠭᠡᠷᠡᠩᠬᠡᠢ ᠴᠠᠭᠠᠨ ᠨᠣᠭᠤᠭ᠎ᠠ᠂ ᠨᠣᠭᠤᠭᠠᠨ

ᠨᠠᠪᠴᠢᠲᠤ ᠢᠳᠡᠰᠢᠨ ᠨᠣᠭᠤᠭ᠎ᠠ᠂ ᠯᠠᠩᠭᠤᠸᠠ ᠪᠣᠯᠣᠨ ᠴᠠᠭᠠᠨ ᠨᠣᠭᠤᠭ᠎ᠠ︶᠎ ᠪᠠᠷ ᠳᠡᠮᠵᠢᠨ ᠰᠢᠩᠭᠡᠭᠡᠵᠦ ᠠᠪᠤᠭᠰᠠᠨ

β ᠰᠢᠷ᠎ᠠ ᠯᠤᠤᠪᠠᠩ ᠤᠨ ᠡᠳ᠋ ᠨᠢ ᠨᠡᠯᠢᠶᠡᠳ ᠥᠨᠳᠥᠷ ᠪᠠᠶᠢᠳᠠᠭ᠃ ᠰᠢᠳᠦ ᠶᠢ ᠬᠠᠮᠠᠭᠠᠯᠠᠬᠤ ᠦᠢᠯᠡᠳᠦᠯ ᠲᠠᠢ᠃

     ᠲᠠᠨᠢᠨ ᠮᠡᠳᠡᠬᠦᠢ ᠶᠢᠨ ᠮᠠᠭᠤᠳᠠᠯ ᠢ ᠰᠡᠷᠭᠡᠶᠢᠯᠡᠬᠦ

     ᠰᠢᠷ᠎ᠠ ᠯᠤᠤᠪᠠᠩ ᠪᠣᠯᠣᠨ ᠪᠤᠰᠤᠳ ᠰᠢᠮ᠎ᠡ ᠲᠡᠵᠢᠭᠡᠯ ᠡᠯᠪᠡᠭ ᠢᠳᠡᠰᠢᠨ ᠨᠣᠭᠤᠭ᠎ᠠ ᠶᠢ ᠰᠢᠩᠭᠡᠬᠡᠨ ᠠᠪᠬᠤ

ᠬᠡᠮᠵᠢᠶ᠎ᠡ ᠨᠡᠮᠡᠭᠳᠡᠪᠡᠯ ᠮᠡᠨᠡᠭ ᠡᠪᠡᠳᠴᠢᠨ ᠳᠤ ᠨᠡᠷᠪᠡᠭᠳᠡᠬᠦ ᠠᠶᠤᠯ ᠢ ᠪᠠᠭᠠᠰᠬᠠᠵᠤ ᠪᠣᠯᠳᠠᠭ᠃

     ᠥᠮᠡᠨ ᠡᠪᠡᠳᠴᠢᠨ ᠳᠤ ᠨᠡᠷᠪᠡᠭᠳᠡᠬᠦ ᠲᠦᠭᠰᠢᠭᠦᠷᠢ ᠶᠢ ᠪᠠᠭᠠᠰᠬᠠᠬᠤ

    ᠰᠢᠷ᠎ᠠ ᠯᠤᠤᠪᠠᠩ ᠤᠨ ᠳᠣᠲᠣᠷᠠᠬᠢ ᠸᠢᠲ᠋ᠠᠮᠢᠨ A᠎ ᠨᠢ DNA᠎ ᠶᠢ ᠥᠮᠡᠨ ᠡᠪᠡᠳᠴᠢᠨ ᠤ ᠢᠰᠦᠯᠳᠦᠨ

ᠭᠡᠮᠲᠦᠬᠦ ᠠᠴᠠ ᠰᠡᠷᠭᠡᠶᠢᠯᠡᠵᠦ ᠴᠢᠳᠠᠨ᠎ᠠ᠃ ᠰᠢᠷ᠎ᠠ ᠯᠤᠤᠪᠠᠩ ᠳᠤ ᠰᠢᠷ᠎ᠠ᠂ ᠤᠯᠠᠪᠤᠷ᠂ ᠤᠯᠠᠭᠠᠨ᠂ ᠪᠣᠷᠣ ᠵᠡᠷᠭᠡ ᠣᠯᠠᠨ

ᠵᠦᠢᠯ ᠤᠨ ᠥᠩᠭᠡ ᠪᠠᠶᠢᠳᠠᠭ᠂ ᠥᠩᠭᠡ ᠪᠦᠷᠢ ᠳᠤ ᠴᠥᠮ ᠠᠳᠠᠯᠢ ᠪᠤᠰᠤ ᠬᠢᠷᠢ ᠲᠦᠪᠰᠢᠨ ᠪᠠ ᠲᠥᠷᠥᠯ

ᠬᠡᠯᠪᠡᠷᠢ ᠶᠢᠨ ᠢᠰᠦᠯᠳᠦᠬᠦ ᠶᠢ ᠡᠰᠡᠷᠭᠦᠴᠡᠬᠦ ᠡᠳ᠋ ᠠᠭᠤᠯᠵᠤ ᠪᠠᠶᠢᠳᠠᠭ᠃ ᠤᠯᠠᠪᠤᠷ ᠰᠢᠷ᠎ᠠ ᠯᠤᠤᠪᠠᠩ ᠳᠤ β ᠰᠢᠷ᠎ᠠ

ᠯᠤᠤᠪᠠᠩ ᠤᠨ ᠡᠳ᠋ ᠡᠯᠪᠡᠭ ᠠᠭᠤᠯᠤᠭᠳᠠᠵᠤ᠂ ᠰᠢᠷ᠎ᠠ ᠯᠤᠤᠪᠠᠩ ᠳᠤ ᠨᠠᠪᠴᠢᠨ ᠤ ᠰᠢᠷ᠎ᠠ ᠡᠳ᠋ ᠡᠯᠪᠡᠭ ᠠᠭᠤᠯᠤᠭᠳᠠᠵᠤ

᠂ ᠤᠯᠠᠭᠠᠨ ᠰᠢᠷ᠎ᠠ ᠯᠤᠤᠪᠠᠩ ᠳᠤ ᠲᠥᠪᠡᠳ ᠬᠠᠰᠢ ᠶᠢᠨ ᠤᠯᠠᠭᠠᠨ ᠡᠳ᠋ ᠡᠯᠪᠡᠭ ᠠᠭᠤᠯᠤᠭᠳᠠᠵᠤ᠂ ᠪᠣᠷᠣ ᠰᠢᠷ᠎ᠠ

ᠯᠤᠤᠪᠠᠩ ᠳᠤ ᠴᠡᠴᠡᠭ ᠤᠨ ᠬᠥᠬᠡ ᠡᠳ᠋ ᠡᠯᠪᠡᠭ ᠠᠭᠤᠯᠤᠭᠳᠠᠵᠤ ᠪᠠᠶᠢᠳᠠᠭ᠃ ᠪᠣᠷᠣ ᠥᠩᠭᠡᠲᠡᠢ ᠰᠢᠷ᠎ᠠ

ᠯᠤᠤᠪᠠᠩ ᠠᠴᠠ ᠭᠠᠷᠭᠠᠵᠤ ᠠᠪᠤᠭᠰᠠᠨ ᠪᠣᠳᠠᠰ ᠨᠢ ᠬᠤᠲᠣᠷᠢᠩᠬᠠᠢ ᠭᠡᠳᠡᠰᠦᠨ ᠤ ᠡᠰ ᠢ 20%᠎ ᠠᠴᠠ ᠳᠡᠭᠡᠭᠰᠢ

ᠢᠰᠦᠯᠳᠦᠬᠦ ᠴᠢᠨᠠᠷᠲᠠᠢ DNA᠎ ᠶᠢᠨ ᠭᠡᠮᠲᠦᠯ ᠠᠴᠠ ᠬᠠᠮᠠᠭᠠᠯᠠᠵᠤ ᠴᠢᠳᠠᠨ᠎ᠠ ᠭᠡᠳᠡᠭ ᠢ ᠨᠢᠭᠡᠨᠲᠡ ᠭᠡᠷᠡᠴᠢᠯᠡᠭᠰᠡᠨ

ᠪᠠᠶᠢᠨ᠎ᠠ᠃ 3 ᠠᠳᠠᠯᠢ ᠪᠤᠰᠤ ᠥᠩᠭᠡ ᠶᠢᠨ ᠰᠢᠷ᠎ᠠ ᠯᠤᠤᠪᠠᠩ ᠤᠨ ᠳᠣᠲᠣᠷᠠᠬᠢ ᠢᠰᠦᠯᠳᠦᠬᠦ ᠶᠢ ᠡᠰᠡᠷᠭᠦᠴᠡᠬᠦ ᠡᠳ᠋ ᠨᠢ

ᠪᠥᠬᠦ ᠪᠡᠶ᠎ᠡ ᠳᠤ ᠦᠢᠯᠡᠳᠦᠯ ᠦᠵᠡᠭᠦᠯᠵᠦ᠂ ᠥᠮᠡᠨ ᠢ ᠰᠡᠷᠭᠡᠶᠢᠯᠡᠬᠦ ᠳᠤ ᠲᠤᠰᠠᠲᠠᠢ ᠪᠠᠶᠢᠳᠠᠭ᠃

     ᠬᠠᠷᠰᠢᠯ

     ᠬᠡᠷᠪᠡ ᠲᠠ ᠴᠠᠭᠠᠨ ᠬᠤᠰᠤ ᠮᠣᠳᠣᠨ ᠤ ᠴᠡᠴᠡᠭ ᠤᠨ ᠲᠣᠭᠤᠰᠣ ᠳᠤ ᠬᠠᠷᠰᠢᠪᠠᠯ ᠰᠢᠷ᠎ᠠ ᠯᠤᠤᠪᠠᠩ ᠠᠴᠠ

ᠡᠭᠦᠰᠦᠭᠰᠡᠨ ᠰᠣᠯᠪᠢᠴᠠᠯ ᠤᠨ ᠤᠷᠪᠠᠯ ᠳᠤ ᠤᠴᠠᠷᠠᠵᠤ ᠮᠡᠳᠡᠨ᠎ᠡ᠂ ᠡᠭᠦᠨ ᠢ ᠠᠮᠠᠨ ᠬᠥᠨᠳᠡᠢ ᠶᠢᠨ ᠬᠠᠷᠰᠢᠮᠠᠲᠠᠭᠠᠢ

ᠬᠤᠷᠠᠮᠠᠯ ᠭᠡᠮ ᠭᠡᠨ᠎ᠡ᠃ ᠡᠪᠡᠳᠴᠢᠨ ᠤ ᠢᠯᠡᠷᠡᠯ ᠨᠢ ᠬᠦᠷᠦᠯᠴᠡᠭᠰᠡᠨ ᠤ ᠳᠠᠷᠠᠭ᠎ᠠ ᠳᠣᠣᠷ᠎ᠠ ᠪᠠᠨ ᠪᠤᠶᠤ ᠨᠢᠭᠡ ᠴᠠᠭ ᠤᠨ

ᠳᠣᠲᠣᠷ᠎ᠠ ᠢᠯᠡᠷᠡᠬᠦ ᠮᠠᠭᠠᠳ᠃ ᠬᠡᠷᠪᠡ ᠲᠠ ᠰᠢᠷ᠎ᠠ ᠯᠤᠤᠪᠠᠩ ᠳᠤ ᠬᠠᠷᠰᠢᠬᠤ ᠪᠤᠶᠤ ᠠᠮᠠᠨ ᠬᠥᠨᠳᠡᠢ ᠳᠤ ᠬᠠᠷᠰᠢᠬᠤ

ᠨᠡᠶᠢᠯᠡᠭ ᠬᠡᠮ ᠭᠡᠵᠦ ᠰᠡᠵᠢᠭᠯᠡᠵᠦ ᠪᠠᠶᠢᠪᠠᠯ᠂ ᠬᠠᠷᠰᠢᠮᠠᠲᠠᠭᠠᠢ ᠡᠪᠡᠳᠴᠢᠨ ᠤ ᠲᠤᠰᠬᠠᠢ ᠰᠠᠯᠠᠭᠠᠨ ᠤ ᠡᠮᠴᠢ ᠠᠴᠠ

ᠠᠰᠠᠭᠤᠨ ᠯᠠᠪᠯᠠᠭᠠᠷᠠᠢ᠃

     ᠠᠰᠢᠭ ᠦᠭᠡᠢ ᠨᠥᠯᠥᠭᠡ

     ᠰᠢᠷ᠎ᠠ ᠯᠤᠤᠪᠠᠩ ᠨᠢ ᠠᠶᠤᠯ ᠲᠦᠭᠰᠢᠭᠦᠷᠢ ᠶᠢᠨ ᠭᠠᠵᠢᠭᠤ ᠦᠢᠯᠡᠳᠦᠯ ᠢ ᠡᠭᠦᠰᠬᠡᠬᠦ ᠦᠭᠡᠢ᠂ ᠭᠡᠪᠡᠴᠦ ᠲᠠ

ᠬᠡᠷᠪᠡ ᠶᠡᠭᠡ ᠬᠡᠮᠵᠢᠶᠡᠨ ᠤ ᠰᠢᠷ᠎ᠠ ᠯᠤᠤᠪᠠᠩ ︵ᠡᠰᠡᠬᠦᠯ᠎ᠡ ᠪᠤᠰᠤᠳ β ᠰᠢᠷ᠎ᠠ ᠯᠤᠤᠪᠠᠩ ᠤᠨ ᠡᠳ᠋ ᠡᠯᠪᠡᠭ

ᠠᠭᠤᠯᠤᠭᠰᠠᠨ ᠢᠳᠡᠭᠡᠨ︶ ᠎ ᠢ ᠢᠳᠡᠪᠡᠯ ᠳᠠᠷᠤᠢ ᠨᠢᠭᠡ ᠵᠦᠢᠯ ᠤᠨ ᠰᠢᠷ᠎ᠠ ᠯᠤᠤᠪᠠᠩ ᠤᠨ ᠡᠳ᠋ ᠤᠨ ᠴᠢᠰᠤᠨ ᠭᠡᠮ

ᠭᠡᠳᠡᠭ ᠬᠤᠣᠷ ᠦᠭᠡᠢ ᠡᠪᠡᠳᠴᠢᠨ ᠳᠤ ᠨᠡᠷᠪᠡᠭᠳᠡᠬᠦ ᠪᠣᠯᠣᠯᠴᠠᠭ᠎ᠠ ᠲᠠᠢ᠃ ᠵᠷ᠎ᠠ ᠯᠤᠤᠪᠠᠩ ᠤᠨ ᠡᠳ᠋ ᠤᠨ ᠴᠢᠰᠤᠨ ᠭᠡᠮ

ᠪᠣᠯ ᠨᠢᠭᠡ ᠵᠦᠢᠯ ᠤᠨ ᠠᠷᠠᠰᠤ ᠰᠢᠷᠠᠯᠠᠬᠤ ᠪᠥᠭᠡᠳ ᠲᠡᠷᠡ ᠨᠢ ᠶᠡᠷᠦ ᠳᠡᠭᠡᠨ β — ᠰᠢᠷ᠎ᠠ ᠯᠤᠤᠪᠠᠩ ᠤᠨ

ᠡᠳ᠋ ᠤᠨ ᠬᠤᠷᠣᠭᠳᠠᠯ ᠢ ᠪᠠᠭᠠᠰᠬᠠᠭᠰᠠᠨ ᠤ ᠳᠠᠷᠠᠭ᠎ᠠ ᠡᠷᠡᠭᠦᠯᠰᠢᠨ᠎ᠡ᠃

     ᠰᠢᠷ᠎ᠠ ᠯᠤᠤᠪᠠᠩ ᠤᠨ ᠴᠢᠨᠠᠷ ᠢ ᠪᠠᠲᠤᠯᠠᠬᠤ ᠬᠤᠭᠤᠴᠠᠭ᠎ᠠ ᠤᠷᠲᠤ ᠪᠣᠯᠬᠤᠷ ᠲᠠ ᠨᠢᠭᠡ ᠵᠢᠯ ᠤᠨ ᠳᠣᠲᠣᠷᠠᠬᠢ

ᠠᠯᠢ ᠴᠤ ᠦᠶ᠎ᠡ ᠳᠤ ᠲᠡᠭᠦᠨ ᠢ ᠢᠳᠡᠵᠦ ᠪᠣᠯᠣᠨ᠎ᠠ᠃ ᠰᠢᠷ᠎ᠠ ᠯᠤᠤᠪᠠᠩ ᠢ ᠲᠣᠬᠢᠷᠠᠮᠵᠢᠲᠠᠢ ᠨᠥᠬᠦᠴᠡᠯ ᠳᠤ 4᠎ ᠠᠴᠠ

6 ᠰᠠᠷ᠎ᠠ ᠬᠠᠳᠠᠭᠠᠯᠠᠵᠤ ᠲᠠᠶᠢᠯᠤᠨ᠎ᠠ ‍ᠨ ᠪᠤᠶᠤ ᠨᠢᠯᠴᠠᠭᠠᠶ︶ ᠦᠭᠡᠢ ᠰᠢᠨ᠎ᠡ ᠰᠣᠷᠭᠤᠭ ᠰᠢᠷ᠎ᠠ ᠯᠤᠤᠪᠠᠩ ᠢ ᠡᠷᠢᠨ᠎ᠡ᠃

 

     ᠬᠠᠳᠠᠭᠠᠯᠠᠬᠤ ᠪᠠ ᠢᠳᠡᠭᠡᠨ ᠤ ᠠᠮᠤᠷ ᠲᠦᠪᠰᠢᠨ

     ᠰᠢᠷ᠎ᠠ ᠯᠤᠤᠪᠠᠩ ᠤᠨ ᠨᠣᠭᠤᠭᠠᠨ ᠬᠡᠰᠡᠭ ᠢ ᠨᠢ ᠬᠡᠷᠴᠢᠵᠦ ᠬᠠᠶᠠᠪᠠᠯ ᠬᠠᠳᠠᠭᠠᠯᠠᠬᠤ ᠴᠠᠭ ᠨᠢ ᠤᠷᠲᠤᠳᠠᠨ᠎ᠠ᠃

ᠰᠢᠷ᠎ᠠ ᠯᠤᠤᠪᠠᠩ ᠢ ᠢᠳᠡᠬᠦ ᠪᠤᠶᠤ ᠰᠢᠷ᠎ᠠ ᠯᠤᠤᠪᠠᠩ ᠢ ᠬᠡᠷᠴᠢᠬᠦ ᠠᠴᠠ ᠡᠮᠦᠨ᠎ᠡ᠂ ᠢᠳᠡᠰᠢᠨ ᠨᠣᠭᠤᠭ᠎ᠠ ᠶᠢ ᠬᠦᠢᠲᠡᠨ

ᠤᠰᠤᠨ ᠳᠤ ᠱᠤᠸᠠᠰᠠᠳᠠᠵᠤ ᠭᠠᠳᠠᠷ ᠲᠠᠯ᠎ᠠ ᠶᠢᠨ ᠠᠯᠢᠪᠠ ᠭᠬᠢᠷ ᠪᠤᠷᠲᠠᠭ ᠪᠠ ᠪᠠᠺᠲ᠋ᠧᠷᠢ ᠶᠢ ᠠᠷᠴᠢᠵᠤ ᠠᠷᠢᠯᠭᠠᠬᠤ ᠨᠢ

ᠴᠢᠬᠤᠯᠠ ᠪᠠᠶᠢᠳᠠᠭ᠃ ᠬᠠᠯᠢᠰᠤ ᠶᠢ ᠨᠢ ᠱᠠᠭᠠᠯᠬᠤ ᠴᠢᠬᠤᠯᠠ ᠦᠭᠡᠢ᠃

     ᠪᠡᠯᠡᠳᠬᠡᠭᠰᠡᠨ ᠨᠢ᠄ ᠡᠷᠳᠡᠨᠢᠬᠦᠦ

     ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ

   

   

 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号