6 ᠰᠠᠷ᠎ᠠ ᠶᠢᠨ 6 ᠤ ᠡᠳᠦᠷ ᠪᠥᠬᠦ ᠤᠯᠤᠰ ᠤᠨ ︽ᠵᠢᠭᠠᠰᠤ ᠲᠠᠯᠪᠢᠬᠤ ᠡᠳᠦᠷ︾᠂ 2022 ᠣᠨ ᠤ ᠪᠥᠬᠦ | ᠣᠷᠣᠨ ᠤ ᠦᠷᠡᠵᠢᠭᠦᠯᠦᠨ ᠲᠠᠯᠪᠢᠬᠤ ᠠᠵᠢᠯᠯᠠᠭ᠎ᠠ ᠬᠠᠲᠤᠨ ᠭᠤᠣᠯ ᠤᠨ ᠦᠬᠠᠢ ᠶᠢᠨ ᠬᠡᠰᠡᠭ ᠲᠤ ᠡᠬᠢᠯᠡᠪᠡ᠂ ᠲᠣᠰ | ᠠᠵᠢᠯᠯᠠᠭ᠎ᠠ ᠨᠢ ︽ᠤᠰᠤᠨ ᠤ ᠠᠮᠢᠳᠤ ᠪᠣᠳᠠᠰ ᠢ ᠠᠷᠠᠴᠢᠯᠠᠨ ᠬᠠᠮᠠᠭᠠᠯᠠᠵᠤ ᠦᠵᠡᠰᠬᠦᠯᠡᠩᠲᠦ ᠰᠠᠶᠢᠬᠠᠨ ᠳᠤᠮᠳᠠᠳᠤ | ᠤᠯᠤᠰ ᠢ ᠪᠦᠲᠦᠭᠡᠨ ᠪᠠᠶᠢᠭᠤᠯᠬᠤ︾ ᠪᠠᠷ ᠭᠤᠣᠯ ᠰᠡᠳᠦᠪ ᠪᠣᠯᠭᠠᠵᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ ᠤ ᠲᠢᠩᠬᠢᠮ ᠪᠣᠯᠣᠨ ᠦᠬᠠᠢ | ᠬᠤᠲᠠ ᠶᠢᠨ ᠠᠷᠠᠳ ᠤᠨ ᠵᠠᠰᠠᠭ ᠤᠨ ᠣᠷᠳᠣᠨ ᠬᠠᠮᠲᠤᠷᠠᠨ ᠭᠤᠣᠯᠯᠠᠨ ᠡᠷᠭᠢᠯᠡᠵᠦ᠂ ᠥᠪᠡᠷᠲᠡᠭᠡᠨ ᠵᠠᠰᠠᠬᠤ ᠣᠷᠣᠨ ᠤ | ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ ᠤ ᠲᠢᠩᠬᠢᠮ ᠤᠨ ᠳᠡᠳ᠋ ᠳᠠᠷᠤᠭ᠎ᠠ ᠵᠣᠣ | ᠶᠦᠩ ᠬᠤᠸᠠ᠂ ᠦᠬᠠᠢ ᠬᠤᠲᠠ ᠶᠢᠨ ᠳᠡᠳ᠋ ᠳᠠᠷᠤᠭ᠎ᠠ ᠸᠠᠩ ᠵᠢᠢ ᠫᠢᠩ ᠠᠵᠢᠯᠯᠠᠭ᠎ᠠ ᠳᠤ ᠣᠷᠤᠯᠴᠠᠪᠠ᠃ | | | | | | | | | | | | ᠬᠠᠲᠤᠨ ᠭᠤᠣᠯ ᠤᠨ ᠦᠬᠠᠢ ᠶᠢᠨ ᠬᠡᠰᠡᠭ ᠲᠤ ᠦᠷᠡᠵᠢᠭᠦᠯᠦᠨ ᠲᠠᠯᠪᠢᠬᠤ ᠡᠬᠢᠯᠡᠯᠲᠡ ᠶᠢᠨ ᠶᠣᠰᠣᠯᠠᠯ ᠳᠡᠭᠡᠷ᠎ᠡ | ᠠᠮᠤᠷ ᠵᠢᠭᠠᠰᠤ᠂ ᠠᠯᠠᠭᠠᠨ᠎ᠠ ᠰᠣᠭᠤᠰᠤ ᠪᠠ ᠳᠠᠬᠤ ᠵᠢᠭᠠᠰᠤ ᠵᠡᠷᠭᠡ ᠶᠢᠨ ᠵᠢᠷᠠᠭᠠᠬᠠᠢ ᠦᠷ᠎ᠡ ᠶᠢ 400 ᠭᠠᠷᠤᠢ | ᠲᠦᠮᠡᠨ ᠰᠢᠷᠬᠡᠭ ᠲᠠᠯᠪᠢᠪᠠ᠃ ᠮᠥᠨ ᠡᠳᠦᠷ ᠲᠤ᠂ ᠪᠥᠬᠦ ᠣᠷᠣᠨ ᠤ 8 ᠠᠶᠢᠮᠠᠭ ᠬᠤᠲᠠ ᠶᠢᠨ 9 ᠲᠠᠯᠪᠢᠬᠤ | ᠴᠡᠭ ᠲᠤ ᠦᠷᠡᠵᠢᠭᠦᠯᠦᠨ ᠲᠠᠯᠪᠢᠬᠤ ᠠᠵᠢᠯᠯᠠᠭ᠎ᠠ ᠶᠢ ᠵᠡᠷᠭᠡᠪᠡᠷ ᠥᠷᠨᠢᠭᠦᠯᠵᠦ᠂ ᠠᠮᠤᠷ ᠵᠢᠭᠠᠰᠤ᠂ ᠮᠥᠷᠭᠦ ᠵᠢᠭᠠᠰᠤ᠂ | ᠠᠯᠠᠭᠠᠨ᠎ᠠ ᠰᠣᠭᠤᠰᠤ᠂ ᠲᠠᠬ᠎ᠠ ᠵᠢᠴᠢ ᠨᠠᠷᠢᠨ ᠬᠠᠶᠢᠷᠰᠤᠲᠤ ᠵᠢᠭᠠᠰᠤ᠂ ᠵᠢᠷᠠ ᠵᠢᠭᠠᠰᠤ ᠵᠡᠷᠭᠡ ᠨᠤᠲᠤᠭ ᠤᠨ | ᠵᠢᠭᠠᠰᠤᠨ ᠤ ᠲᠥᠷᠥᠯ ᠤᠨ ᠵᠢᠷᠠᠭᠠᠬᠠᠢ ᠨᠡᠶᠢᠲᠡ 1400 ᠭᠠᠷᠤᠢ ᠲᠦᠮᠡᠨ ᠰᠢᠷᠬᠡᠭ ᠢ ᠲᠠᠯᠪᠢᠪᠠ᠃ 2022 ᠣᠨ᠂ | ᠪᠦᠬᠦ ᠣᠷᠣᠨ ᠳᠤ ᠡᠯ᠎ᠡ ᠵᠦᠢᠯ ᠤᠨ ᠵᠢᠭᠠᠰᠤᠨ ᠤ ᠲᠦᠷᠦᠯ ᠤᠨ ᠵᠢᠷᠠᠭᠠᠬᠠᠢ ᠶᠢ 7200 ᠭᠠᠷᠤᠢ ᠲᠦᠮᠡᠨ ᠦᠷ᠎ᠡ | ᠵᠢᠷᠠᠭᠠᠬᠠᠢ ᠶᠢ ᠲᠠᠯᠪᠢᠬᠤ ᠪᠠᠷ ᠲᠥᠯᠥᠪᠯᠡᠵᠦ ᠪᠤᠢ᠃ | | | | | | | | | | | ᠦᠷᠡᠵᠢᠭᠦᠯᠦᠨ ᠲᠠᠯᠪᠢᠬᠤ ᠪᠣᠯ ᠤᠰᠤᠨ ᠤ ᠠᠮᠢᠳᠤ ᠪᠣᠳᠠᠰ ᠤᠨ ᠡᠬᠢ ᠪᠠᠶᠠᠯᠢᠭ ᠢ ᠬᠠᠮᠠᠭᠠᠯᠠᠬᠤ ᠪᠠ ᠤᠰᠤᠨ | ᠣᠷᠣᠨ ᠤ ᠠᠮᠢ ᠠᠬᠤᠢ ᠶᠢᠨ ᠣᠷᠴᠢᠨ ᠲᠣᠭᠤᠷᠢᠨ ᠢ ᠰᠡᠷᠭᠦᠭᠡᠬᠦ ᠴᠢᠬᠤᠯᠠ ᠠᠷᠭ᠎ᠠ ᠬᠡᠮᠵᠢᠶ᠎ᠡ ᠪᠠᠶᠢᠵᠤ᠂ ᠥᠪᠡᠷᠲᠡᠭᠡᠨ | ᠵᠠᠰᠠᠬᠤ ᠣᠷᠣᠨ ᠤ ᠭᠤᠣᠯ ᠮᠥᠷᠡᠨ ᠨᠠᠭᠤᠷ ᠲᠠᠩᠭᠢᠰ ᠢᠯᠠᠩᠭᠤᠶ᠎ᠠ ᠬᠠᠲᠤᠨ ᠭᠤᠣᠯ ᠤᠨ ᠰᠠᠪᠠ ᠭᠠᠵᠠᠷ ᠤᠨ | ᠵᠢᠭᠠᠰᠤᠨ ᠤ ᠲᠥᠷᠥᠯ ᠤᠨ ᠰᠦᠷᠦᠭ ᠤᠨ ᠲᠤᠭ᠎ᠠ ᠬᠡᠮᠵᠢᠶ᠎ᠡ ᠶᠢ ᠪᠦᠲᠦᠮᠵᠢᠲᠡᠶ ᠰᠡᠷᠭᠦᠭᠡᠬᠦ᠂ ᠤᠰᠤᠨ ᠤ ᠠᠮᠢᠳᠤ | ᠪᠣᠳᠠᠰ ᠤᠨ ᠳᠦᠷᠰᠦ ᠶᠢᠨ ᠰᠦᠷᠦᠭ ᠤᠨ ᠪᠦᠲᠦᠴᠡ ᠶᠢ ᠰᠠᠶᠢᠵᠢᠷᠠᠭᠤᠯᠤᠨ ᠰᠢᠯᠢᠳᠡᠭᠵᠢᠭᠦᠯᠬᠦ᠂ ᠠᠮᠢᠳᠤ ᠪᠣᠳᠠᠰ ᠤᠨ | ᠣᠯᠠᠨ ᠶᠠᠩᠵᠤᠲᠤ ᠴᠢᠨᠠᠷ ᠢ ᠬᠠᠮᠠᠭᠠᠯᠠᠬᠤ ᠪᠠ ᠥᠪᠡᠷᠲᠡᠭᠡᠨ ᠵᠠᠰᠠᠬᠤ ᠣᠷᠣᠨ ᠤ ᠭᠤᠣᠯ ᠮᠥᠷᠡᠨ ᠨᠠᠭᠤᠷ | ᠲᠠᠩᠭᠢᠰ ᠤᠨ ᠠᠮᠢ ᠠᠬᠤᠢ ᠶᠢᠨ ᠬᠠᠮᠠᠭᠠᠯᠠᠯᠲᠠ ᠪᠠ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠳᠤ ᠲᠦᠢᠯ ᠤᠨ | ᠴᠢᠬᠤᠯᠠ ᠠᠴᠢ ᠬᠤᠯᠪᠣᠭᠳᠠᠯ ᠲᠠᠢ ᠶᠤᠮ᠃ | |